ᠮ ∙ᠰᠠᠷᠠᠭᠤᠯᠡᠷᠳᠡᠨᠢ ᠶᠢ ︽ᠤᠯᠠᠭᠠᠨ ᠲᠤᠭ ︾ ᠦᠨ ᠣᠳᠣᠨ ᠢᠶᠠᠷ ᠱᠠᠩᠨᠠᠵᠠᠢ | News.MN

ᠮ ∙ᠰᠠᠷᠠᠭᠤᠯᠡᠷᠳᠡᠨᠢ ᠶᠢ ︽ᠤᠯᠠᠭᠠᠨ ᠲᠤᠭ ︾ ᠦᠨ ᠣᠳᠣᠨ ᠢᠶᠠᠷ ᠱᠠᠩᠨᠠᠵᠠᠢ

ᠶᠡᠷᠦᠩᠬᠡᠶᠢᠯᠡᠭᠴᠢ ᠤ᠊ ∙ᠬᠦᠷᠡᠯᠰᠦ᠋ᠬᠡ ᠨᠢᠦ᠋ ᠶᠤᠷᠺ ᠬᠤᠲᠠ ᠳᠤ ᠮᠣᠩᠭᠣᠯ ᠢᠷᠭᠡᠳ ᠲᠡᠢ ᠠᠭᠤᠯᠵᠠᠬᠤ ᠦᠶ᠎ᠡ ᠪᠡᠷ ᠢᠶᠡᠨ ᠮᠣᠩᠭᠣᠯ ᠰᠤᠳᠤᠯᠤᠯ ᠢ ᠬᠢᠯᠢ ᠶᠢᠨ ᠴᠢᠨᠠᠳᠤ ᠳᠤ ᠠᠮᠵᠢᠯᠲᠠ ᠲᠠᠢ ᠬᠥᠭᠵᠢᠭᠦᠯᠵᠦ᠂ ᠡᠬᠡ ᠣᠷᠣᠨ ᠤ ᠪᠠᠨ ᠰᠤᠶᠤᠯ ᠢ ᠲᠦᠭᠡᠭᠡᠬᠦ ᠠᠵᠢᠯ ᠳᠤ ᠢᠮᠠᠭᠲᠠ  ᠲᠦᠭᠦᠴᠡᠭᠡᠯᠡᠳᠡᠭ ᠳ᠋ᠣᠺᠲ᠋ᠣᠷ ᠮ ∙ᠰᠠᠷᠠᠭᠤᠯᠡᠷᠳᠡᠨᠢ  ᠶᠢ ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠵᠠᠢ᠃
ᠮ ∙ᠰᠠᠷᠠᠭᠤᠯᠡᠷᠳᠡᠨᠢ ᠠᠮᠧᠷᠢᠺᠠ ᠶᠢᠨ ᠲᠥᠷᠥ ᠶᠢᠨ ᠳ᠋ᠸᠫᠠᠷᠲ᠋ᠠᠮᠸᠨᠲ ᠤᠨ ᠭᠠᠳᠠᠭᠠᠳᠤ ᠬᠠᠷᠢᠯᠴᠠᠭᠠᠨ ᠤ ᠳᠡᠭᠡᠳᠦ ᠰᠤᠷᠭᠠᠭᠤᠯᠢ ᠶᠢᠨ ᠪᠠᠭᠰᠢ᠂ ᠺᠣᠩᠷᠧᠰᠰ ᠤᠨ ᠨᠣᠮ ᠤᠨ ᠰᠠᠩ ᠤᠨ ᠮᠣᠩᠭᠣᠯ ᠨᠣᠮ ᠤᠨ ᠮᠡᠷᠭᠡᠵᠢᠯᠲᠡᠨ ᠢᠶᠡᠷ ᠠᠵᠢᠯᠯᠠᠬᠤ ᠶᠢᠨ ᠵᠡᠷᠭᠡᠴᠡᠭᠡ ᠮᠣᠩᠭᠣᠯ ᠰᠤᠶᠤᠯ ᠤᠨ ᠲᠥᠪ ᠪᠠᠶᠢᠭᠤᠯᠵᠤ 《ᠮᠣᠩᠭᠣᠯ ᠰᠤᠳᠤᠯᠤᠯ ᠤᠨ ᠬᠤᠷᠠᠯ》᠂ 《ᠮᠣᠩᠭᠣᠯ ᠬᠡᠯᠡ ᠰᠤᠶᠤᠯ ᠤᠨ ᠵᠤᠰᠠᠯᠠᠩ》 ᠦᠨ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠳᠠᠭ ᠶᠤᠮ᠃

ᠰᠡᠳᠬᠢᠭᠳᠡᠯ ᠦᠯᠡᠳᠡᠭᠡᠬᠦ