ᠴᠠᠭᠠᠨ ᠵᠡᠭᠡᠷ᠎ᠡ ᠣᠯᠠᠨ ᠢᠶᠠᠷ ᠢᠶᠠᠨ ᠦᠬᠦᠵᠦ ᠪᠠᠶᠢᠨ᠎ᠠ | News.MN

ᠴᠠᠭᠠᠨ ᠵᠡᠭᠡᠷ᠎ᠡ ᠣᠯᠠᠨ ᠢᠶᠠᠷ ᠢᠶᠠᠨ ᠦᠬᠦᠵᠦ ᠪᠠᠶᠢᠨ᠎ᠠ

ᠳᠣᠷᠣᠨᠠᠲᠤ ᠠᠶᠢᠮᠠᠭ ᠤᠨ ᠵᠠᠷᠢᠮ ᠰᠤᠮᠤᠨ ᠳᠤ ᠴᠠᠭᠠᠨ ᠵᠡᠭᠡᠷ᠎ᠡ ᠣᠯᠠᠨ ᠢᠶᠠᠷ ᠢᠶᠠᠨ ᠦᠬᠦᠵᠦ ᠪᠠᠶᠢᠭ᠎ᠠ ᠲᠤᠬᠠᠢ ᠨᠤᠲᠤᠭ ᠤᠨ ᠢᠷᠭᠡᠳ ᠶᠠᠷᠢᠵᠤ ᠪᠠᠶᠢᠨ᠎ᠠ᠃ ᠲᠣᠳᠣᠷᠠᠭᠤᠯᠪᠠᠯ᠂ ᠭᠤᠷᠪᠠᠨᠵᠠᠭᠠᠯ᠂ ᠴᠣᠶᠢᠪᠠᠯᠰᠠᠩ᠂ ᠰᠡᠷᠭᠦᠯᠡᠩ᠂ ᠴᠢᠯᠠᠭᠤᠨᠬᠦ᠋ᠷᠢᠶᠡᠲᠦ᠂ ᠳᠠᠰᠢᠪᠠᠯᠪᠠᠷ ᠰᠤᠮᠤ ᠶᠢᠨ ᠨᠤᠲᠤᠭ ᠲᠤ ᠵᠡᠭᠡᠷ᠎ᠡ ᠶᠢᠨ ᠰᠡᠭ ᠣᠯᠠᠨ ᠢᠶᠠᠷ ᠢᠶᠠᠨ ᠲᠠᠭᠠᠷᠠᠬᠤ ᠪᠣᠯᠵᠠᠢ᠃

ᠡᠨᠡ ᠲᠠᠯ᠎ᠠ ᠪᠠᠷ ᠠᠶᠢᠮᠠᠭ ᠤᠨ ᠮᠠᠯ ᠡᠮᠨᠡᠯᠭᠡ ᠶᠢᠨ ᠭᠠᠵᠠᠷ ᠠᠴᠠ ᠲᠣᠳᠣᠷᠠᠭᠤᠯᠬᠤ ᠳᠤ᠂ ᠵᠡᠭᠡᠷ᠎ᠡ ᠳᠣᠭᠣᠯᠠᠵᠤ ᠪᠠᠶᠢᠭᠠᠳ ᠦᠬᠦᠬᠦ ᠪᠠᠶᠢᠳᠠᠯ ᠶᠡᠬᠡ ᠪᠡᠷ ᠠᠵᠢᠭᠯᠠᠭᠳᠠᠵᠤ ᠪᠠᠶᠢᠭ᠎ᠠ᠃ ᠵᠡᠭᠡᠷ᠎ᠡ ᠶᠢᠨ ᠰᠦᠷᠦᠭ ᠲᠦ ᠱᠦᠯᠬᠦᠭᠡ ᠡᠪᠡᠳᠴᠢᠨ ᠭᠠᠷᠤᠭᠰᠠᠨ ᠪᠠᠶᠢᠬᠤ ᠮᠠᠭᠠᠳᠯᠠᠯ ᠲᠠᠢ ᠭᠡᠵᠦ ᠦᠵᠡᠭᠰᠡᠨ ᠤᠴᠢᠷ ᠰᠢᠨᠵᠢᠯᠡᠭᠡ ᠠᠪᠴᠤ ᠳᠡᠭᠡᠵᠢ ᠶᠢ ᠲᠥᠪ ᠯᠠᠪᠤᠷᠠᠲ᠋ᠣᠷᠢ ᠳᠤ ᠢᠯᠡᠭᠡᠭᠰᠡᠨᠭᠡᠪᠡ᠃ ᠭᠤᠷᠪᠠᠨᠵᠠᠭᠠᠯ ᠰᠤᠮᠤᠨ ᠳᠤ 270 ᠵᠡᠭᠡᠷ᠎ᠡ ᠶᠢᠨ ᠰᠡᠭ  ᠢ ᠤᠰᠠᠳᠬᠠᠬᠤ ᠠᠵᠢᠯ ᠢ ᠬᠢᠵᠦ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ