《Diaries》ᠬᠠᠮᠲᠤᠷᠠᠭᠰᠠᠨ ᠦᠵᠡᠰᠬᠦᠯᠡᠩ ᠢ ᠨᠡᠭᠡᠭᠡᠪᠡ | News.MN

《Diaries》ᠬᠠᠮᠲᠤᠷᠠᠭᠰᠠᠨ ᠦᠵᠡᠰᠬᠦᠯᠡᠩ ᠢ ᠨᠡᠭᠡᠭᠡᠪᠡ

《Diaries》ᠦᠵᠡᠰᠬᠦᠯᠡᠩ︽ᠰᠡᠩᠭᠡᠷᠠᠭᠢ ᠠᠷᠲ︾ᠭᠠᠯᠧᠷᠧᠢ ᠳᠦ ᠨᠡᠭᠡᠭᠡᠯᠲᠡ ᠪᠡᠨ ᠬᠢᠯ᠎ᠡ᠃ ᠺᠤᠨᠲᠸᠮᠫᠤᠷᠠᠷᠢ ᠤᠷᠠᠨ ᠪᠦᠲᠦᠭᠡᠯᠴᠢᠳ ᠪᠣᠯᠬᠤ ᠪ∙ᠡᠩᠬᠡᠲᠤᠶᠠᠭ᠎ᠠ᠂ ᠼ∙ᠰᠣᠯᠣᠩᠭ᠎ᠠ ᠨᠠᠷ ᠬᠠᠮᠲᠤᠷᠠᠨ ᠤᠷᠠᠨ ᠵᠢᠷᠤᠭ ᠤᠨ ᠦᠵᠡᠰᠬᠦᠯᠡᠩ ᠭᠠᠷᠭᠠᠭᠰᠠᠨ ᠨᠢ ᠰᠣᠨᠢᠷᠬᠠᠯᠲᠠᠢ᠃ ᠤᠷᠠᠨ ᠪᠦᠲᠦᠭᠡᠯᠴᠢ ᠪ∙ᠡᠩᠬᠡᠲᠤᠶᠠᠭ᠎ᠠ ᠮᠣᠩᠭᠣᠯ ᠤᠨ ᠡᠷᠲᠡᠨ ᠦ ᠲᠦᠷᠦᠭ᠂ ᠤᠶᠢᠭᠤᠷ ᠤᠨ ᠦᠶ᠎ᠡ ᠶᠢᠨ ᠲᠦᠷᠫᠠᠨ ᠤ ᠬᠠᠨ᠎ᠠ ᠶᠢᠨ ᠵᠢᠷᠤᠭ ᠢ ᠰᠠᠨᠠᠭᠳᠠᠭᠤᠯᠤᠮ᠎ᠠ ᠭᠡᠭᠡᠨ ᠳᠦᠷᠢ ᠨᠦᠭᠦᠳ ᠢ ᠪᠦᠲᠦᠭᠡᠵᠡᠢ᠃ ᠵᠢᠷᠤᠭ ᠲᠡᠬᠢ ᠪᠢᠰᠢᠯᠭᠠᠯ ᠬᠢᠵᠦ ᠪᠤᠢ ᠡᠮᠡᠭᠲᠡᠢ ᠨᠢ ᠣᠷᠴᠢᠯᠠᠩ ᠤᠨ ᠣᠯᠠᠨ ᠦᠢᠯᠡ ᠡᠴᠡ ᠠᠩᠭᠢᠵᠢᠷᠠᠭᠰᠠᠨ ᠮᠡᠲᠦ ᠠᠮᠤᠭᠤᠯᠠᠩ ᠳᠦᠷᠢ ᠨᠦᠭᠦᠳ ᠪᠠᠶᠢᠯ᠎ᠠ᠃
ᠬᠠᠷᠢᠨ ᠬᠠᠵᠠᠭᠤᠬᠠᠨ ᠲᠠᠯ᠎ᠠ ᠳᠤ ᠨᠢ ᠪᠠᠶᠢᠷᠢᠯᠠᠬᠤ ᠠᠪᠰᠲᠷᠠᠺᠲ ᠤᠷᠠᠨ ᠪᠦᠲᠦᠭᠡᠯ ᠦᠳ ᠼ∙ᠰᠣᠯᠣᠩᠭ᠎ᠠ ᠶᠢᠨ ᠵᠢᠷᠤᠭ ᠤᠳ᠃ ᠲᠡᠭᠦᠨ ᠦ ᠪᠦᠲᠦᠭᠡᠯ ᠦᠳ ᠤᠷᠠᠨ ᠪᠦᠲᠦᠭᠡᠯᠴᠢ ᠪ∙ᠡᠩᠬᠡᠲᠤᠶᠠᠭ᠎ᠠ ᠶᠢᠨ ᠪᠦᠲᠦᠭᠡᠯ ᠡᠴᠡ ᠡᠷᠡᠰ ᠢᠯᠭᠠᠭ᠎ᠠ ᠲᠠᠢ ᠪᠠᠶᠢᠯ᠎ᠠ᠃ ᠮᠡᠳᠡᠷᠡᠮᠵᠢ ᠶᠢ ᠭᠣᠣᠯᠴᠢᠯᠠᠬᠤ᠂ ᠰᠡᠳᠬᠢᠭᠳᠡᠯ ᠢ ᠪᠠᠭᠤᠯᠭᠠᠬᠤ᠂ ᠲᠤᠬᠠᠢ ᠶᠢᠨ ᠭᠱᠠᠨ ᠢ ᠴᠢᠬᠤᠯᠠᠴᠢᠯᠠᠬᠤ ᠠᠪᠰᠲᠷᠠᠺᠲ ᠤᠷᠠᠨ ᠪᠦᠲᠦᠭᠡᠯᠴᠢ ᠼ∙ᠰᠣᠯᠣᠩᠭ᠎ᠠ ᠡᠨᠡ ᠤᠳᠠᠭ᠎ᠠ ᠪᠢᠳᠡᠨ ᠦ ᠨᠢᠳᠦ ᠪᠡᠷ ᠬᠠᠷᠠᠬᠤ ᠳᠤ ᠲᠣᠳᠣᠷᠬᠠᠢ ᠳᠦᠷᠰᠦᠯᠡᠯ ᠦᠭᠡᠢ ᠴᠤ ᠮᠣᠩᠭᠣᠯ ᠣᠷᠣᠨ ᠤ ᠡᠷᠡᠰ ᠲᠡᠰᠦ ᠠᠭᠤᠷ ᠠᠮᠢᠰᠬᠤᠯ᠂ ᠡᠭᠡᠯᠵᠢᠯᠡᠨ ᠰᠣᠯᠢᠭᠳᠠᠬᠤ ᠤᠯᠠᠷᠢᠯ ᠢ ᠦᠪᠡᠷ ᠦᠨ ᠡᠷᠬᠡ ᠦᠭᠡᠢ ᠰᠠᠨᠠᠭᠳᠠᠭᠤᠯᠬᠤ ᠦᠩᠭᠡ ᠶᠢᠨ ᠵᠣᠬᠢᠴᠠᠯ ᠪᠦᠬᠦᠢ ᠪᠦᠲᠦᠭᠡᠯ ᠦᠳ ᠦᠵᠡᠰᠬᠦᠯᠡᠩ ᠳᠦ ᠲᠠᠯᠪᠢᠵᠠᠢ᠃

ᠰᠡᠳᠬᠢᠭᠳᠡᠯ ᠦᠯᠡᠳᠡᠭᠡᠬᠦ