ᠬᠠᠰᠠᠺᠰᠲ᠋ᠠᠨ- ᠬᠠᠩᠭᠠᠷᠢ ᠴᠢᠭᠯᠡᠯ ᠤᠨ ᠨᠢᠰᠦᠯᠭᠡ ᠶᠢᠨ ᠰᠢᠨ᠎ᠡ ᠱᠤᠭᠤᠮ ᠲᠠᠢ ᠪᠣᠯᠤᠨ᠎ᠠ | News.MN

ᠬᠠᠰᠠᠺᠰᠲ᠋ᠠᠨ- ᠬᠠᠩᠭᠠᠷᠢ ᠴᠢᠭᠯᠡᠯ ᠤᠨ ᠨᠢᠰᠦᠯᠭᠡ ᠶᠢᠨ ᠰᠢᠨ᠎ᠡ ᠱᠤᠭᠤᠮ ᠲᠠᠢ ᠪᠣᠯᠤᠨ᠎ᠠ

ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠯ∙ᠬᠠᠯᠲᠠᠷ ᠬᠠᠩᠭᠠᠷᠢ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ  ᠪᠤᠷᠪᠠᠯᠠ ᠠᠨᠨᠠ ᠤᠪᠷᠤᠱᠠᠨᠰᠺᠢ ᠶᠢ ᠬᠦᠯᠢᠶᠡᠨ ᠠᠪᠴᠤ ᠠᠭᠤᠯᠵᠠᠭᠠᠳ᠂ ᠠᠭᠠᠷ ᠤᠨ ᠬᠠᠷᠢᠯᠴᠠᠭᠠᠨ ᠤ ᠠᠰᠠᠭᠤᠳᠠᠯ ᠢᠶᠠᠷ ᠭᠣᠣᠯᠯᠠᠨ ᠰᠠᠨᠠᠯ ᠰᠣᠯᠢᠯᠴᠠᠭᠰᠠᠨ ᠪᠠᠶᠢᠨ᠎ᠠ᠃ ᠡᠯᠴᠢᠨ ᠰᠠᠶᠢᠳ ᠪᠤᠷᠪᠠᠯᠠ ᠠᠨᠨᠠ ᠤᠪᠷᠤᠱᠠᠨᠰᠺᠢ ᠬᠣᠶᠠᠷ ᠤᠯᠤᠰ ᠤᠨ ᠬᠣᠭᠣᠷᠣᠨᠳᠣ ᠠᠭᠠᠷ ᠤᠨ ᠰᠢᠭᠤᠳ ᠬᠠᠷᠢᠯᠴᠠᠭ᠎ᠠ ᠲᠣᠭᠲᠠᠵᠤ《ᠾᠦᠩᠨᠤ ᠡᠶᠢᠷ》ᠺᠣᠮᠫᠠᠨᠢ ᠬᠤᠶᠠᠷ ᠤᠳᠠᠭ᠎ᠠ ᠶᠢᠨ ᠰᠢᠭᠤᠳ ᠨᠢᠰᠦᠯᠭᠡ ᠭᠦᠢᠴᠡᠳᠭᠡᠭᠡᠳ ᠪᠠᠶᠢᠭ᠎ᠠ ᠶᠢ ᠬᠡᠯᠡᠵᠦ ᠴᠢᠨᠠᠭᠰᠢᠳᠠ ᠬᠠᠰᠠᠺᠰᠲ᠋ᠠᠨ- ᠬᠠᠩᠭᠠᠷᠢ – ᠮᠤᠩᠭᠤᠯ ᠴᠢᠭᠯᠡᠯ ᠳᠦ ᠨᠢᠰᠦᠯᠭᠡ ᠶᠢᠨ ᠰᠢᠨ᠎ᠡ ᠱᠤᠭᠤᠮ ᠨᠡᠭᠡᠭᠡᠵᠦ ᠨᠢᠰᠦᠯᠭᠡ ᠭᠦᠢᠴᠡᠳᠭᠡᠬᠦ ᠴᠢᠭᠯᠡᠯ ᠢᠶᠡᠷ ᠾᠦᠩᠨᠤ ᠺᠣᠮᠫᠠᠨᠢ ᠪᠣᠯᠤᠨ ᠬᠠᠩᠭᠠᠷᠢ ᠶᠢᠨ《ᠸᠢᠽ ᠡᠶᠢᠷ》ᠺᠣᠮᠫᠠᠨᠢ ᠬᠠᠮᠲᠤᠷᠠᠨ ᠠᠵᠢᠯᠯᠠᠵᠤ ᠪᠤᠢ ᠶᠢ ᠬᠡᠯᠡᠯ᠎ᠡ᠃
ᠬᠠᠩᠭᠠᠷᠢ ᠶᠢᠨ 《ᠸᠢᠽ ᠡᠶᠢᠷ》ᠺᠣᠮᠫᠠᠨᠢ ᠨᠢ ᠪᠠᠭ᠎ᠠ ᠦᠨ᠎ᠡ ᠲᠡᠢ ᠨᠢᠰᠦᠯᠭᠡ ᠶᠢᠨ ᠺᠣᠮᠫᠠᠨᠢ ᠪᠥᠭᠡᠳ ᠬᠠᠰᠠᠺᠰᠲ᠋ᠠᠨ- ᠬᠠᠩᠭᠠᠷᠢ ᠴᠢᠭᠯᠡᠯ ᠳᠦ ᠨᠢᠰᠦᠯᠭᠡ ᠬᠢᠵᠦ᠂ 《ᠾᠦᠩᠨᠤ ᠡᠶᠢᠷ》ᠺᠣᠮᠫᠠᠨᠢ ᠨᠢ ᠬᠠᠰᠠᠺᠰᠲ᠋ᠠᠨ – ᠮᠤᠩᠭᠤᠯ ᠴᠢᠭᠯᠡᠯ ᠳᠦ ᠵᠠᠯᠭᠠᠭᠰᠠᠨ ᠨᠢᠰᠦᠯᠭᠡ ᠬᠢᠬᠦ ᠵᠠᠮ ᠢᠶᠠᠷ ᠰᠢᠨ᠎ᠡ ᠱᠤᠭᠤᠮ ᠨᠡᠭᠡᠭᠡᠬᠦ ᠪᠡᠷ ᠠᠵᠢᠯᠯᠠᠵᠤ ᠪᠠᠶᠢᠭ᠎ᠠ ᠪᠠ ᠧᠦ᠋ᠷᠣᠫᠠ ᠳᠤ ᠮᠣᠩᠭᠣᠯᠴᠤᠳ ᠣᠯᠠᠨ ᠢᠶᠠᠷ ᠪᠠᠶᠢᠳᠠᠭ ᠲᠤᠯᠠ ᠲᠡᠳᠡᠨ ᠳᠦ ᠬᠢᠮᠳᠠ ᠦᠨ᠎ᠡ ᠪᠡᠷ ᠵᠣᠷᠴᠢᠬᠤ᠂ ᠮᠥᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠳᠦ ᠴᠢᠬᠤᠯᠠ ᠠᠴᠢ ᠬᠣᠯᠪᠣᠭᠳᠠᠯ ᠲᠠᠢ ᠪᠣᠯᠤᠨ᠎ᠠ ᠭᠡᠵᠦ ᠦᠵᠡᠵᠦ ᠪᠠᠶᠢᠭ᠎ᠠ ᠪᠠᠨ ᠢᠯᠡᠷᠬᠡᠶᠢᠯᠡᠵᠡᠢ᠃

ᠰᠡᠳᠬᠢᠭᠳᠡᠯ ᠦᠯᠡᠳᠡᠭᠡᠬᠦ