ᠮᠣᠩᠭᠣᠯ ᠤᠨ ᠬᠥᠷᠥᠩᠭᠡ ᠶᠢᠨ ᠪᠢᠷᠵᠢ ᠶᠢᠨ ᠢᠨᠳᠧᠺᠰ ᠡᠨᠡ ᠣᠨ ᠳᠤ 130 ᠬᠤᠪᠢ ᠪᠠᠷ ᠥᠰᠴᠦ᠂ ᠡᠨᠡ ᠦᠵᠡᠭᠦᠯᠦᠯᠲᠡ ᠪᠡᠷ ᠢᠶᠡᠨ ᠳᠡᠯᠡᠬᠡᠢ ᠶᠢᠨ ᠪᠤᠰᠤᠳ ᠪᠢᠷᠵᠢ ᠨᠦᠭᠦᠳ ᠢᠶᠡᠨ ᠲᠡᠷᠢᠭᠦᠯᠡᠵᠡᠢ᠃ MSE20 ᠢᠨᠳᠧᠺᠰ ᠡᠨᠡ ᠰᠠᠷ᠎ᠠ ᠶᠢᠨ 10 ᠤ ᠡᠳᠦᠷ ᠲᠡᠦᠬᠡᠨ ᠳᠡᠭᠡᠳᠦ ᠬᠡᠮᠵᠢᠶᠡᠨ ᠳᠦ ᠬᠦᠷᠴᠡᠢ᠃ ᠡᠨᠡ ᠬᠦ ᠥᠰᠦᠯᠲᠡ ᠨᠢ ᠳᠤᠮᠳᠠᠴᠢ ᠳᠠᠪᠬᠤᠷᠭ᠎ᠠ ᠶᠢᠨ ᠢᠷᠭᠡᠳ ᠬᠥᠷᠥᠩᠭᠡ ᠶᠢᠨ ᠵᠠᠬ᠎ᠠ ᠵᠡᠭᠡᠯᠢ ᠳᠦ ᠣᠷᠣᠵᠤ ᠢᠷᠡᠭᠰᠡᠨ ᠲᠡᠢ ᠬᠣᠯᠪᠣᠭ᠎ᠠ ᠲᠠᠢ ᠭᠡᠵᠦ ᠡᠳ᠋ ᠦᠨ ᠵᠠᠰᠠᠭ ᠢᠶᠠᠷ ᠳᠠᠩᠨᠠᠨ ᠪᠢᠴᠢᠳᠡᠭ ᠬᠡᠪᠯᠡᠯ ᠦᠳ ᠮᠡᠳᠡᠭᠡᠯᠡᠵᠦ ᠪᠠᠶᠢᠭ᠎ᠠ ᠶᠤᠮ᠃
ᠢᠩᠭᠢᠵᠦ ᠣᠯᠠᠨ ᠢᠶᠠᠷ ᠢᠶᠠᠨ ᠣᠷᠣᠵᠤ ᠢᠷᠡᠭᠰᠡᠨ ᠢᠶᠡᠷ ᠢᠶᠡᠨ ᠬᠤᠪᠢᠴᠠᠭᠠᠨ ᠤ ᠪᠣᠷᠣᠯᠠᠭᠤᠯᠤᠯᠲᠠ ᠶᠢ ᠥᠰᠬᠡᠵᠦ᠂ ᠺᠣᠮᠫᠠᠨᠢ ᠶᠢᠨ ᠦᠨᠡᠯᠡᠭᠡ ᠶᠢ ᠴᠤ ᠠᠰᠤᠷᠤ ᠪᠣᠭᠣᠨᠢ ᠬᠤᠭᠤᠴᠠᠭᠠᠨ ᠳᠤ ᠥᠭᠡᠳᠡ ᠨᠢ ᠲᠠᠲᠠᠭᠰᠠᠨ ᠪᠠᠢᠨ᠎ᠠ᠃ ᠲᠤᠬᠠᠶᠢᠯᠠᠪᠠᠯ ᠠᠫᠤ ᠺᠣᠮᠫᠠᠨᠢ ᠶᠢᠨ ᠦᠨᠡᠯᠡᠭᠡ 517 ᠰᠠᠶ᠎ᠠ ᠳ᠋ᠣᠯᠯᠠᠷ ᠪᠣᠯᠤᠭᠰᠠᠨ ᠪᠣᠯ ᠤᠯᠤᠰ ᠤᠨ ᠶᠡᠬᠡ ᠳᠡᠯᠭᠡᠭᠦᠷ ᠤᠨ ᠬᠤᠪᠢᠴᠠᠭᠠᠨ ᠤ ᠦᠨ᠎ᠡ ᠡᠨᠡ ᠣᠨ ᠳᠤ 266 ᠬᠤᠪᠢ᠂ ᠮᠣᠩᠭᠣᠯ ᠤᠨ ᠴᠠᠬᠢᠯᠭᠠᠨ ᠬᠣᠯᠪᠣᠭ᠎ᠠ ᠺᠣᠮᠫᠠᠨᠢ ᠶᠢᠨ ᠬᠤᠪᠢᠴᠠᠭᠠᠨ ᠤ ᠦᠨ᠎ᠡ 66 ᠬᠤᠪᠢ ᠪᠠᠷ ᠥᠰᠴᠠᠢ᠃