ᠰᠤᠷᠭᠠᠭᠤᠯᠢ ᠨᠤᠭᠤᠳ ᠲᠤ ᠰᠡᠳᠬᠢᠯ ᠵᠦᠢᠴᠢ ᠠᠵᠢᠯᠯᠠᠨ᠎ᠠ | News.MN

ᠰᠤᠷᠭᠠᠭᠤᠯᠢ ᠨᠤᠭᠤᠳ ᠲᠤ ᠰᠡᠳᠬᠢᠯ ᠵᠦᠢᠴᠢ ᠠᠵᠢᠯᠯᠠᠨ᠎ᠠ

《ᠲᠣᠭᠲᠠᠪᠤᠷᠢᠲᠠᠢ ᠬᠥᠭᠵᠢᠯ ᠦᠨ ᠪᠣᠯᠪᠠᠰᠤᠷᠠᠯ᠂ ᠬᠤᠶᠠᠷ》ᠲᠥᠰᠥᠯ ᠦᠨ ᠬᠦᠷᠢᠶᠡᠨ ᠳᠦ ᠰᠤᠷᠭᠠᠭᠤᠯᠢ ᠨᠤᠭᠤᠳ ᠳᠡᠭᠡᠷ᠎ᠡ ᠠᠵᠢᠯᠯᠠᠬᠤ 23 ᠰᠡᠳᠬᠢᠯ ᠵᠦᠢᠴᠢ ᠥᠴᠥᠭᠡᠳᠦᠷ︵2021.09.17︶ ᠭᠡᠷᠡᠴᠢᠯᠡᠭᠡ ᠪᠡᠨ ᠭᠠᠷᠳᠠᠨ ᠠᠪᠤᠯ᠎ᠠ᠃ ᠮᠡᠷᠭᠡᠰᠢᠭᠦᠯᠬᠦ ᠰᠤᠷᠭᠠᠯᠲᠠ 21 ᠬᠣᠨᠣᠭ ᠴᠠᠬᠢᠮ ᠢᠶᠠᠷ᠂ 14 ᠬᠣᠨᠣᠭ ᠲᠠᠩᠬᠢᠮ ᠢᠶᠠᠷ ᠵᠣᠬᠢᠶᠠᠨ ᠪᠠᠶᠢᠭᠤᠯᠤᠭᠳᠠᠭᠰᠠᠨ ᠪᠠᠶᠢᠨ᠎ᠠ᠃ ᠲᠡᠭᠦᠨᠴᠢᠯᠡᠨ 14 ᠬᠣᠨᠣᠭ ᠮᠡᠷᠭᠡᠵᠢᠯ ᠦᠨ ᠪᠠᠶᠢᠭᠤᠯᠤᠯᠭ᠎ᠠ ᠨᠤᠭᠤᠳ ᠳᠡᠭᠡᠷ᠎ᠡ ᠪᠡᠶᠡᠴᠢᠯᠡᠨ ᠬᠢᠵᠦ ᠲᠤᠷᠰᠢᠬᠤ ᠳᠠᠳᠤᠯᠭ᠎ᠠ ᠠᠵᠢᠯ ᠪᠣᠯᠵᠠᠢ᠃
ᠮᠡᠷᠭᠡᠰᠢᠭᠰᠡᠨ ᠰᠡᠳᠬᠢᠯ ᠵᠦᠢᠴᠢᠳ ᠳᠠᠸᠠ ᠭᠠᠷᠠᠭ ᠠᠴᠠ ᠬᠡᠦᠬᠡᠳ ᠦᠳ ᠲᠡᠢ ᠪᠡᠨ ᠠᠵᠢᠯᠯᠠᠵᠤ ᠡᠬᠢᠯᠡᠬᠦ ᠶᠤᠮ᠃ ᠲᠡᠳᠡ ᠭᠡᠷᠡᠴᠢᠯᠡᠭᠡ ᠪᠡᠨ ᠠᠪᠬᠤ ᠠᠴᠠ ᠭᠠᠳᠠᠨ᠎ᠠ ᠢᠵᠢ ᠪᠦᠷᠢᠨ ᠰᠤᠷᠭᠠᠯᠲᠠ ᠶᠢᠨ ᠬᠡᠷᠡᠭᠯᠡᠭᠳᠡᠬᠦᠨ᠂ ᠵᠢᠱᠢᠭ ᠥᠷᠥᠭᠡ ᠲᠠᠰᠤᠯᠭ᠎ᠠ ᠶᠢ ᠬᠦᠯᠢᠶᠡᠨ ᠠᠪᠴᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ