2022 ᠣᠨ ᠳᠤ ᠬᠡᠦᠬᠡᠳ ᠦᠨ ᠮᠥᠩᠭᠥ ᠶᠢ ᠬᠡᠷᠬᠢᠨ ᠣᠯᠭᠣᠬᠤ ᠪᠤᠢ | News.MN

2022 ᠣᠨ ᠳᠤ ᠬᠡᠦᠬᠡᠳ ᠦᠨ ᠮᠥᠩᠭᠥ ᠶᠢ ᠬᠡᠷᠬᠢᠨ ᠣᠯᠭᠣᠬᠤ ᠪᠤᠢ

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠠᠴᠠ ᠭᠠᠷᠤᠭᠰᠠᠨ ᠰᠢᠢᠳᠪᠦᠷᠢ ᠶᠢᠨ ᠲᠠᠯ᠎ᠠ ᠪᠠᠷ ᠰᠠᠩ ᠤᠨᠶᠠᠮᠤᠨ ᠤ ᠰᠠᠶᠢᠳ ᠪ ∙ ᠵᠢᠪᠬᠤᠯᠠᠩ ᠲᠠᠨᠢᠯᠴᠠᠭᠤᠯᠬᠤ ᠦᠶ᠎ᠡ ᠪᠡᠷ ᠢᠶᠡᠨ ᠢᠷᠡᠬᠦ ᠣᠨ ᠳᠤ ᠬᠡᠦᠬᠡᠳ ᠦᠨ ᠮᠥᠩᠭᠥ ᠶᠢ ᠬᠡᠷᠬᠢᠨ ᠣᠯᠭᠣᠬᠤ ᠲᠠᠯᠠᠭᠠᠷᠬᠢ ᠮᠡᠳᠡᠭᠡᠯᠡᠯ ᠥᠭᠪᠡ᠃ ᠲᠡᠷᠡᠪᠡᠷ᠄ ᠲᠥᠰᠥᠪ ᠦᠨ ᠬᠦᠷᠢᠶᠡᠨ ᠦ ᠮᠡᠳᠡᠭᠳᠡᠯ ᠢ ᠲᠠᠪᠤᠳᠤᠭᠠᠷ ᠰᠠᠷ᠎ᠠ ᠳᠤ ᠪᠠᠲᠤᠯᠠᠭᠤᠯᠳᠠᠭ᠃ ᠲᠡᠭᠦᠨ ᠦ ᠳᠣᠲᠣᠷ᠎ᠠ ᠬᠡᠦᠬᠡᠳ ᠦᠨ ᠮᠥᠩᠭᠥ ᠶᠢ ᠢᠷᠡᠬᠦ ᠵᠢᠯ 20 ᠮᠢᠩᠭᠠᠨ ᠲᠥᠭᠥᠷᠢᠭ ᠪᠤᠶᠤ  ᠲᠠᠬᠤᠯ ᠤᠨ ᠡᠮᠦᠨᠡᠬᠢ ᠲᠦᠪᠰᠢᠨ ᠳᠦ ᠪᠠᠭᠤᠯᠭᠠᠨ᠎ᠠ ᠭᠡᠳ ᠲᠤᠭ᠎ᠠ ᠪᠠᠨ ᠪᠠᠲᠤᠯᠠᠭᠤᠯᠴᠢᠬᠠᠭᠰᠠᠨ ᠪᠠᠶᠢᠭ᠎ᠠ᠃ ᠡᠨᠡ ᠬᠦᠷᠢᠶᠡᠨ ᠳᠦ ᠪᠡᠨ ᠯᠠ ᠪᠠᠶᠢᠬᠤ ᠶᠣᠰᠣᠲᠠᠢ᠃
ᠡᠨᠡ ᠣᠨ ᠤ ᠰᠡᠭᠦᠯ ᠦᠨ ᠬᠠᠭᠠᠰ ᠲᠤ ᠬᠡᠦᠬᠡᠳ ᠦᠨ ᠮᠥᠩᠭᠥ ᠶᠢ ᠬᠡᠪ ᠢᠶᠡᠷ ᠦᠷᠭᠦᠯᠵᠢᠯᠡᠭᠦᠯᠦᠭᠰᠡᠨ᠃ ᠬᠠᠯᠠᠮᠵᠢ ᠠᠴᠠ ᠬᠥᠳᠡᠯᠮᠦᠷᠢ ᠤᠷᠤᠭᠤ᠂ ᠬᠤᠷᠠᠮᠳᠤᠯᠠᠯ ᠤᠷᠤᠭᠤ ᠭᠡᠰᠡᠨ ᠪᠣᠳᠣᠯᠭ᠎ᠠ ᠪᠠᠨ 2022 ᠣᠨ ᠤ ᠲᠥᠰᠥᠪ ᠳᠡᠭᠡᠷ᠎ᠡ ᠲᠤᠰᠬᠠᠨ᠎ᠠ᠃ ᠵᠢᠱᠢᠶᠡᠯᠡᠪᠡᠯ᠂ ᠢᠷᠡᠭᠡᠳᠦᠢ ᠶᠢᠨ ᠥᠪ ᠰᠠᠩ ᠢ ᠬᠡᠦᠬᠡᠳ ᠦᠨ ᠮᠥᠩᠭᠥ ᠲᠡᠢ ᠤᠶᠠᠯᠳᠤᠭᠤᠯᠬᠤ ᠪᠤᠶᠤ ᠬᠡᠦᠬᠡᠳ ᠦᠳ ᠢᠷᠡᠭᠡᠳᠦᠢ ᠳᠦ ᠮᠥᠩᠭᠥ ᠪᠡᠨ ᠬᠤᠷᠠᠮᠲᠤᠯᠠᠭᠤᠯᠬᠤ ᠪᠣᠯᠤᠮᠵᠢ ᠪᠠᠷ ᠬᠠᠩᠭᠠᠬᠤ ᠶᠠᠪᠤᠳᠠᠯ ᠶᠤᠮ᠃ 2022 ᠣᠨ ᠳᠤ ᠬᠡᠦᠬᠡᠳ ᠦᠨ ᠮᠥᠩᠭᠥ ᠶᠢ 100 ᠮᠢᠩᠭ᠎ᠠ ᠠᠴᠠ 20 ᠮᠢᠩᠭ᠎ᠠ ᠤᠷᠤᠭᠤ ᠰᠢᠭᠤᠳ ᠰᠢᠯᠵᠢᠭᠦᠯᠬᠦ ᠨᠢ ᠬᠡᠷᠡᠭᠯᠡᠭᠡᠨ ᠦ ᠲᠦᠪᠰᠢᠨ ᠳᠦ ᠪᠡᠨ ᠱᠣᠺ ᠡᠭᠦᠰᠬᠡᠨ᠎ᠡ᠃ ᠲᠡᠶᠢᠮᠦ ᠤᠴᠢᠷ ᠠᠴᠠ ᠠᠭᠠᠵᠢᠮ ᠢᠶᠠᠷ ᠰᠢᠯᠵᠢᠯᠲᠡ ᠬᠢᠬᠦ ᠬᠤᠪᠢᠯᠪᠤᠷᠢ ᠨᠤᠭᠤᠳ ᠢ ᠲᠥᠰᠥᠪ ᠳᠡᠭᠡᠷ᠎ᠡ ᠰᠤᠳᠤᠯᠵᠤ ᠪᠠᠶᠢᠨ᠎ᠠ᠃ ᠡᠴᠦᠰ ᠦᠨ ᠪᠠᠶᠢᠳᠠᠯ ᠢᠶᠠᠷ ᠲᠠᠨᠢᠯᠴᠠᠭᠤᠯᠬᠤ ᠪᠣᠯᠤᠭ᠎ᠠ ᠦᠭᠡᠢ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ