ᠰᠢᠯᠢᠳᠡᠭ ᠨᠣᠮ ᠪᠦᠲᠦᠭᠡᠭᠴᠢᠳ ᠲᠦ《ᠮᠡᠷᠭᠡᠨ ᠨᠣᠮ》ᠱᠠᠩᠨᠠᠯ ᠢ ᠭᠠᠷᠳᠠᠭᠤᠯᠪᠠ | News.MN

ᠰᠢᠯᠢᠳᠡᠭ ᠨᠣᠮ ᠪᠦᠲᠦᠭᠡᠭᠴᠢᠳ ᠲᠦ《ᠮᠡᠷᠭᠡᠨ ᠨᠣᠮ》ᠱᠠᠩᠨᠠᠯ ᠢ ᠭᠠᠷᠳᠠᠭᠤᠯᠪᠠ

ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠨᠣᠮ ᠰᠤᠶᠤᠯ ᠢ ᠲᠦᠭᠡᠭᠡᠨ ᠳᠡᠯᠭᠡᠷᠡᠭᠦᠯᠬᠦ᠂ ᠴᠤᠬᠠᠭ ᠭᠤᠷᠪᠠᠨ ᠡᠷᠳᠡᠨᠢ ᠶᠢᠨ ᠨᠢᠭᠡ ᠨᠣᠮ ᠢ ᠡᠷᠬᠢᠮᠯᠡᠨ ᠳᠡᠭᠡᠳᠦᠯᠡᠳᠡᠭ ᠡᠪᠦᠭᠡ ᠳᠡᠭᠡᠳᠦᠰ ᠦᠨ ᠤᠯᠠᠮᠵᠢᠯᠠᠯ ᠢ ᠬᠣᠶᠢᠴᠢ ᠦᠶ᠎ᠡ ᠳᠦ ᠪᠡᠨ ᠥᠪᠯᠡᠭᠦᠯᠬᠦ᠂ ᠤᠩᠰᠢᠭᠴᠢ ᠠᠷᠠᠳ ᠲᠦᠮᠡᠨ ᠲᠡᠢ ᠪᠣᠯᠬᠤ ᠵᠣᠷᠢᠯᠭ᠎ᠠ ᠪᠠᠷ ᠤᠯᠤᠰ ᠤᠨ ᠶᠡᠬᠡ ᠬᠤᠷᠠᠯ ᠠᠴᠠ ᠨᠣᠮ ᠤᠨ ᠪᠠᠶᠠᠷ ᠵᠣᠬᠢᠶᠠᠨ ᠪᠠᠶᠢᠭᠤᠯᠬᠤ ᠠᠷᠭ᠎ᠠ ᠬᠡᠮᠵᠢᠶ᠎ᠡ ᠶᠢ ᠠᠯᠪᠠᠨ ᠶᠣᠰᠣᠭᠠᠷ ᠬᠠᠤᠯᠢᠴᠢᠯᠠᠵᠤ᠂ ︽ᠨᠡᠶᠢᠲᠡ ᠪᠡᠷ ᠲᠡᠮᠳᠡᠭᠯᠡᠬᠦ ᠪᠠᠶᠠᠷ ᠤᠨ ᠪᠣᠯᠤᠨ ᠲᠡᠮᠳᠡᠭᠯᠡᠯᠲᠦ ᠡᠳᠦᠷ ᠦᠳ ᠦᠨ ᠲᠤᠬᠠᠢ︾ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠵᠤ᠂ 《ᠦᠨᠳᠦᠰᠦᠨ ᠦ ᠪᠢᠴᠢᠭ ᠰᠤᠶᠤᠯ᠂ ᠨᠣᠮ ᠤᠨ ᠡᠳᠦᠷ ᠦᠳ》 ᠢ 5᠂ 9  ᠳᠦᠭᠡᠷ ᠰᠠᠷ᠎ᠠ ᠶᠢᠨ ᠭᠤᠷᠪᠠᠳᠠᠬᠢ ᠳᠣᠯᠣᠭ᠎ᠠ ᠬᠣᠨᠣᠭ ᠤᠨ ᠪᠢᠮᠪᠠ᠂ ᠨᠢᠮ᠎ᠠ ᠭᠠᠷᠠᠭ ᠲᠤ ᠵᠣᠬᠢᠶᠠᠨ ᠪᠠᠶᠢᠭᠤᠯᠵᠤ ᠪᠠᠶᠢᠬᠤ ᠪᠠᠷ ᠪᠣᠯᠤᠭᠰᠠᠨ ᠢ ᠣᠨᠴᠠᠯᠠᠯ᠎ᠠ᠃
ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠰᠠᠨᠠᠭᠠᠴᠢᠯᠠᠭ᠎ᠠ ᠪᠠᠷ ᠨᠣᠮ ᠪᠦᠲᠦᠭᠡᠭᠴᠢᠳ ᠦᠨ ᠦᠨᠡᠯᠡᠮᠵᠢ ᠶᠢ ᠳᠡᠭᠡᠭᠰᠢᠯᠡᠭᠦᠯᠬᠦ᠂ ᠡᠷᠳᠡᠮᠲᠡᠨ ᠵᠣᠬᠢᠶᠠᠯᠴᠢᠳ ᠢ ᠤᠷᠮᠠᠰᠢᠭᠤᠯᠬᠤ ᠵᠣᠷᠢᠯᠭ᠎ᠠ ᠪᠠᠷ 《ᠮᠡᠷᠭᠡᠨ ᠨᠣᠮ》 ᠱᠠᠩᠨᠠᠯ ᠢ ᠵᠢᠯ ᠪᠦᠷᠢ ᠭᠠᠷᠳᠠᠭᠤᠯᠳᠠᠭ ᠪᠢᠯᠡ᠃ ᠡᠨᠡ ᠵᠢᠯ ᠮᠣᠩᠭᠣᠯ ᠤᠯᠤᠰ ᠤᠨ ᠬᠤᠳᠠᠯᠳᠤᠭᠠᠨ ᠤ ᠭᠠᠪᠢᠶᠠᠲᠤ ᠠᠵᠢᠯᠲᠠᠨ᠂ ᠤᠯᠤᠰ ᠤᠨ ᠶᠡᠬᠡ ᠬᠤᠷᠠᠯ  ᠤᠨ ᠭᠡᠰᠢᠭᠦᠨ ᠠᠰᠠᠨ ᠠ᠊ ∙ ᠱᠠᠭᠳᠤᠷᠰᠦ᠋ᠷᠦᠩ ᠢ ᠰᠢᠯᠢᠳᠡᠭ ᠵᠢᠳᠬᠦᠯᠲᠡᠨ ᠢᠶᠡᠷ ᠰᠢᠯᠭᠠᠷᠠᠭᠤᠯᠤᠭᠰᠠᠨ ᠪᠣᠯ ᠨᠣᠮ ᠤᠨ ᠰᠤᠶᠤᠯ ᠢ ᠲᠦᠭᠡᠭᠡᠨ ᠳᠡᠯᠭᠡᠷᠡᠭᠦᠯᠦᠭᠴᠢ ᠪᠡᠷ ᠦᠨᠳᠦᠰᠦᠨ ᠦ ᠮᠡᠳᠡᠭᠡᠯᠡᠯ ᠦᠨ ᠮᠤᠩᠴᠠᠮᠸ ᠠᠭᠧᠨᠲᠯᠢᠭ᠂ ᠮᠣᠩᠭᠣᠯ ᠤᠯᠤᠰ ᠤᠨ ᠲᠥᠷᠥ ᠶᠢᠨ ᠰᠤᠶᠤᠷᠬᠠᠯᠲᠤ᠂  ᠲᠠᠰᠠᠮ᠎ᠠ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠼ ∙  ᠰᠠᠨᠢᠴᠢᠷ ᠤᠨ ᠪᠦᠲᠦᠭᠡᠯ ᠢ 《ᠮᠡᠷᠭᠡᠨ ᠨᠣᠮ》ᠱᠠᠩᠨᠠᠯ ᠤᠨ ᠰᠢᠯᠢᠳᠡᠭ ᠨᠣᠮ ᠢᠶᠠᠷ ᠰᠢᠯᠭᠠᠷᠠᠭᠤᠯᠵᠤ᠂ ᠱᠠᠩᠨᠠᠯ ᠢ ᠭᠠᠷᠳᠠᠭᠤᠯᠤᠨ ᠥᠭᠭᠦᠯ᠎ᠡ᠃

ᠰᠡᠳᠬᠢᠭᠳᠡᠯ ᠦᠯᠡᠳᠡᠭᠡᠬᠦ