ᠡᠨᠡ ᠰᠠᠷ᠎ᠠ ᠢᠨᠹᠯᠢᠶᠠᠼ ᠤᠯᠤᠰ ᠤᠨ ᠬᠡᠮᠵᠢᠶᠡᠨ ᠳᠦ 8.9 ᠬᠤᠪᠢ ᠪᠣᠯᠵᠤ᠂ ᠡᠮᠦᠨ᠎ᠡ ᠣᠨ ᠤ ᠮᠥᠨᠦᠶᠡ ᠡᠴᠡ 6.8 ᠨᠢᠭᠡᠴᠢ ᠪᠡᠷ ᠦᠰᠴᠦ᠂ 2019 ᠣᠨ ᠤ ᠨᠠᠢ᠌ᠮᠠᠳᠤᠭᠠᠷ ᠰᠠᠷ᠎ᠠ ᠠᠴᠠ ᠬᠣᠶᠢᠰᠢ ᠬᠠᠮᠤᠭ ᠤᠨ ᠥᠨᠳᠥᠷ ᠲᠦᠪᠰᠢᠨ ᠳᠦ ᠬᠦᠷᠦᠯ᠎ᠡ᠃ ᠡᠭᠦᠨ ᠳᠦ ᠬᠦᠨᠡᠰᠦᠨ ᠦ ᠪᠠᠷᠠᠭ᠎ᠠ᠂ ᠲᠡᠭᠡᠭᠡᠪᠦᠷᠢ ᠶᠢᠨ ᠦᠨ᠎ᠡ ᠥᠰᠦᠭᠰᠡᠨ ᠨᠢ ᠭᠣᠣᠯᠯᠠᠨ ᠨᠥᠯᠦᠭᠡᠯᠡᠭᠰᠡᠨ ᠪᠠᠶᠢᠨ᠎ᠠ᠃ ᠲᠡᠭᠡᠭᠡᠪᠦᠷᠢ ᠶᠢᠨ ᠦᠨ᠎ᠡ ᠶᠢᠨ ᠦᠰᠦᠯᠲᠡ ᠳᠦ ᠵᠠᠮ ᠤᠨ-ᠡᠭᠦᠳᠡ ᠳᠦ ᠴᠢᠩᠭᠡᠯᠢᠭ ᠦᠳ ᠭᠠᠴᠢᠭᠰᠠᠨ ᠨᠢ ᠨᠥᠯᠦᠭᠡᠯᠡᠭᠰᠡᠨ᠃ ᠮᠥᠨ ᠰᠢᠲᠠᠬᠤᠨ ᠤ ᠦᠨ᠎ᠡ ᠨᠡᠮᠡᠭᠳᠡᠭᠰᠡᠨ ᠨᠢ ᠪᠤᠰᠤᠳ ᠪᠠᠷᠠᠭ᠎ᠠ ᠪᠦᠲᠦᠭᠡᠭᠳᠡᠬᠦᠨ ᠦ ᠦᠨ᠎ᠡ ᠥᠰᠬᠦ ᠰᠢᠯᠲᠠᠭᠠᠨ ᠪᠣᠯᠵᠤ ᠪᠠᠶᠢᠨ᠎ᠠ᠃
ᠲᠣᠳᠣᠷᠠᠭᠤᠯᠪᠠᠯ ᠦᠨ᠎ᠡ ᠶᠢᠨ ᠥᠰᠦᠯᠲᠡ ᠶᠢᠨ 41.6 ᠬᠤᠪᠢ ᠨᠢ ᠬᠦᠨᠡᠰᠦᠨ ᠦ ᠪᠠᠷᠠᠭ᠎ᠠ᠂ 23.6 ᠬᠤᠪᠢ ᠨᠢ ᠲᠡᠭᠡᠭᠡᠪᠦᠷᠢ ᠶᠢᠨ ᠦᠨ᠎ᠡ ᠶᠢᠨ ᠥᠰᠦᠯᠲᠡ ᠡᠴᠡ ᠬᠠᠮᠢᠶᠠᠷᠴᠤ ᠪᠠᠢᠭ᠎ᠠ ᠪᠤᠯ ᠡᠮ ᠲᠠᠷᠢᠶ᠎ᠠ᠂ ᠡᠮᠨᠡᠯᠭᠡ ᠶᠢᠨ ᠦᠢᠯᠡᠴᠢᠯᠡᠭᠡᠨ ᠦ ᠪᠦᠯᠦᠭ ᠦᠨ ᠦᠨ᠎ᠡ 6.4 ᠬᠤᠪᠢ ᠪᠠᠷ ᠥᠰᠴᠠᠢ᠃ ᠨᠡᠶᠢᠰᠯᠡᠯ ᠦᠨ ᠬᠡᠮᠵᠢᠶᠡᠨ ᠳᠦ ᠢᠨᠹᠯᠢᠶᠠᠼ 9.1 ᠬᠤᠪᠢ ᠲᠠᠢ ᠪᠠᠶᠢᠭ᠎ᠠ ᠪᠣᠯ ᠣᠷᠣᠨ ᠨᠤᠲᠤᠭ ᠲᠤ ᠪᠠᠶᠠᠨᠬᠣᠩᠭᠣᠷ ᠠᠶᠢᠮᠠᠭ ᠲᠤ ᠬᠠᠮᠤᠭ ᠤᠨ ᠥᠨᠳᠥᠷ ᠪᠤᠶᠤ 12.9 ᠬᠤᠪᠢ ᠲᠠᠢ ᠪᠠᠶᠢᠨ᠎ᠠ᠃