︽ᠰᠡᠯᠪᠢ︾ᠳᠤᠯᠠᠭᠠᠨ ᠤ ᠳᠡᠳ᠋ ᠰᠲ᠋ᠠᠨᠼ ᠲᠤᠷᠰᠢᠯᠲᠠ ᠪᠠᠷ ᠠᠵᠢᠯᠯᠠᠵᠤ ᠡᠬᠢᠯᠡᠵᠡᠢ | News.MN

︽ᠰᠡᠯᠪᠢ︾ᠳᠤᠯᠠᠭᠠᠨ ᠤ ᠳᠡᠳ᠋ ᠰᠲ᠋ᠠᠨᠼ ᠲᠤᠷᠰᠢᠯᠲᠠ ᠪᠠᠷ ᠠᠵᠢᠯᠯᠠᠵᠤ ᠡᠬᠢᠯᠡᠵᠡᠢ

《ᠭᠡᠷ ᠬᠣᠷᠢᠶᠠᠯᠠᠯ ᠢ ᠬᠥᠭᠵᠢᠭᠦᠯᠬᠦ᠂ ᠬᠥᠷᠥᠩᠭᠡ ᠣᠷᠣᠭᠤᠯᠤᠯᠲᠠ ᠶᠢ ᠳᠡᠮᠵᠢᠬᠦ ᠬᠥᠲᠥᠯᠪᠦᠷᠢ》ᠲᠥᠰᠥᠯ ᠦᠨ ᠬᠦᠷᠢᠶᠡᠨ ᠳᠦ ᠤᠯᠠᠭᠠᠨᠪᠠᠭᠠᠲᠤᠷ ᠬᠣᠲᠠ ᠶᠢᠨ ᠨᠤᠲᠤᠭ ᠳᠡᠪᠢᠰᠬᠡᠷ ᠦᠨ ᠲᠡᠩᠴᠡᠪᠦᠷᠢᠲᠡᠢ ᠬᠥᠭᠵᠢᠯ ᠢ ᠬᠠᠩᠭᠠᠬᠤ ᠵᠣᠷᠢᠯᠭ᠎ᠠ ᠪᠠᠷ ᠨᠢᠭᠡ ᠲᠦᠪᠲᠦ ᠬᠣᠲᠠ ᠠᠴᠠ ᠣᠯᠠᠨ ᠲᠥᠪᠲᠦ ᠬᠣᠲᠠ ᠪᠣᠯᠭᠠᠨ ᠬᠥᠭᠵᠢᠭᠦᠯᠬᠦ ᠵᠢᠷᠭᠤᠭᠠᠨ ᠳᠡᠳ᠋ ᠲᠥᠪ ᠲᠡᠢ ᠪᠠᠶᠢᠬᠤ ᠪᠠᠷ ᠲᠥᠯᠥᠪᠯᠡᠭᠰᠡᠨ ᠦ ᠨᠢᠭᠡ ᠨᠢ ︽ᠰᠡᠯᠪᠢ︾ᠳᠡᠳ᠋ ᠲᠥᠪ ᠪᠢᠯᠡ᠃
ᠲᠡᠭᠡᠪᠡᠯ ᠲᠤᠰ ᠳᠡᠳ᠋ ᠲᠦᠪ ᠲᠦ ᠪᠠᠷᠢᠭᠳᠠᠵᠤ ᠪᠠᠶᠢᠭ᠎ᠠ ᠲᠣᠮᠣᠬᠠᠨ ᠠᠵᠢᠯ ᠤᠨ ᠨᠢᠭᠡ ᠪᠣᠯᠬᠤ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ ᠳᠤᠯᠠᠭᠠᠨ ᠤ ᠰᠲ᠋ᠠᠨᠼ᠂ ᠳᠤᠯᠠᠭᠠᠨ ᠤ ᠱᠤᠭᠤᠮ ᠤᠭᠰᠠᠷᠠᠯᠲᠠ ᠶᠢᠨ ᠠᠵᠢᠯ ᠪᠠᠷᠢᠭᠳᠠᠭᠰᠠᠨ ᠢᠶᠠᠷ ᠳᠤᠯᠤᠭᠠᠨ ᠪᠠᠭᠤᠳᠠᠯ᠂ ᠰᠡᠯᠪᠢ ᠪᠣᠯᠤᠨ ᠵᠤᠰᠠᠯᠠᠩ ᠤᠨ ᠴᠢᠭᠯᠡᠯ ᠦᠨ ᠵᠠᠮ ᠳᠠᠭᠠᠤ ᠭᠡᠷ ᠬᠣᠷᠢᠶᠠᠯᠠᠯ ᠤᠨ ᠠᠶᠢᠯ ᠡᠷᠦᠬᠡ᠂ ᠠᠵᠤ ᠠᠬᠤᠢ ᠶᠢᠨ ᠨᠢᠭᠡᠴᠡ ᠲᠥᠪᠯᠡᠷᠡᠭᠰᠡᠨ ᠳᠤᠯᠠᠭᠠᠨ ᠬᠠᠩᠭᠠᠮᠵᠢ ᠳᠤ ᠬᠣᠯᠪᠣᠭᠳᠠᠬᠤ ᠪᠣᠯᠤᠮᠵᠢ ᠪᠦᠷᠢᠨ ᠨᠡᠭᠡᠭᠡᠭᠳᠡᠬᠦ ᠶᠤᠮ᠃《ᠰᠡᠯᠪᠢ》ᠳᠤᠯᠠᠭᠠᠨ ᠤ ᠰᠲ᠋ᠠᠨᠼ ᠨᠢ ᠲᠣᠷᠲᠣᠭ ᠭᠠᠷᠭᠠᠬᠤ ᠦᠭᠡᠢ᠂ ᠪᠠᠶᠢᠭᠠᠯᠢ ᠳᠤ ᠡᠭᠡᠯᠢ ᠲᠡᠢ ᠲᠧᠭᠨᠣᠯᠣᠭᠢ ᠠᠰᠢᠭᠯᠠᠵᠤ ᠦᠨᠡᠰᠦ ᠪᠡᠨ 99.9 ᠬᠤᠪᠢ ᠱᠦᠭᠦᠬᠦ ᠪᠥᠭᠡᠳ ᠲᠦᠭᠦᠬᠡᠢ ᠨᠡᠭᠦᠷᠡᠰᠦᠨ ᠦ ᠬᠡᠷᠡᠭᠯᠡᠭᠡ ᠵᠢᠯ ᠳᠦ ᠪᠡᠨ 15 ᠮᠢᠩᠭᠠᠨ ᠲᠣᠨ ᠪᠠᠭᠤᠷᠠᠨ᠎ᠠ ᠭᠡᠰᠡᠨ ᠰᠤᠳᠤᠯᠭ᠎ᠠ ᠪᠤᠢ᠃

ᠰᠡᠳᠬᠢᠭᠳᠡᠯ ᠦᠯᠡᠳᠡᠭᠡᠬᠦ