ᠭ∙ᠽᠠᠨᠳᠠᠨᠰᠢᠲᠠᠷ᠎ᠠ ᠰᠠᠨᠲ᠋ᠤ᠋ ᠠᠺᠢᠺᠣ ᠲᠠᠢ ᠠᠭᠤᠯᠵᠠᠪᠠ | News.MN

ᠭ∙ᠽᠠᠨᠳᠠᠨᠰᠢᠲᠠᠷ᠎ᠠ ᠰᠠᠨᠲ᠋ᠤ᠋ ᠠᠺᠢᠺᠣ ᠲᠠᠢ ᠠᠭᠤᠯᠵᠠᠪᠠ

ᠫᠠᠷᠯᠠᠮᠸᠨᠲ ᠤᠨ ᠲᠡᠷᠢᠭᠦᠨ ᠨᠠᠷ ᠤᠨ ᠳᠡᠯᠡᠬᠡᠢ ᠶᠢᠨ ᠲᠠᠪᠤᠳᠤᠭᠠᠷ ᠪᠠᠭ᠎ᠠ ᠬᠤᠷᠠᠯ ᠳᠤ ᠣᠷᠣᠯᠴᠠᠵᠤ ᠪᠤᠢ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠶᠠᠫᠣᠨ ᠤᠯᠤᠰ ᠤᠨ ᠫᠠᠷᠯᠠᠮᠧᠨᠲ ᠤᠨ ᠵᠦᠪᠯᠡᠬᠦ ᠨᠦᠭᠦᠳ ᠦᠨ ᠲᠠᠩᠬᠢᠮ ᠤᠨ ᠳᠠᠷᠤᠭ᠎ᠠ ᠰᠠᠨᠲ᠋ᠤ᠋ ᠠᠺᠢᠺᠣ  ᠲᠠᠢ ᠡᠨᠡ ᠰᠠᠷ᠎ᠠ ᠶᠢᠨ 7  ᠤ ᠡᠳᠦᠷ ᠸᠸᠨᠠ ᠬᠤᠲᠠᠨ᠎ᠠ ᠠᠭᠤᠯᠵᠠᠪᠠ᠃ ᠴᠠᠷ᠎ᠠ ᠲᠠᠬᠤᠯ ᠤᠨ ᠡᠰᠡᠷᠭᠦ ᠳᠡᠯᠡᠬᠡᠢ ᠨᠡᠶᠢᠲᠡ ᠪᠡᠷ ᠢᠶᠡᠨ ᠲᠡᠮᠡᠴᠡᠵᠦ ᠪᠤᠢ ᠬᠦᠨᠳᠦ ᠴᠠᠭ ᠦᠶ᠎ᠡ ᠳᠦ ᠮᠣᠩᠭᠣᠯ ᠤᠯᠤᠰ ᠤᠨ ᠭᠤᠷᠪᠠᠳᠠᠭᠴᠢ ᠬᠥᠷᠰᠢ ᠶᠠᠫᠣᠨ ᠤᠯᠤᠰ  ᠳᠡᠮᠵᠢᠯᠭᠡ ᠦᠵᠡᠭᠦᠯᠦᠭᠰᠡᠭᠡᠷ ᠪᠠᠢᠭ᠎ᠠ ᠳᠤ ᠭ∙  ᠽᠠᠨᠳᠠᠨᠰᠢᠲᠠᠷ᠎ᠠ ᠲᠠᠯᠠᠷᠬᠠᠯ ᠢᠯᠡᠷᠬᠡᠶᠢᠯᠡᠪᠡ᠃

《ᠶᠠᠫᠣᠨ ᠯᠤᠭ᠎ᠠ ᠬᠥᠭᠵᠢᠶ᠎ᠡ》ᠰᠠᠨᠠᠭᠠᠴᠢᠯᠠᠭ᠎ᠠ ᠶᠢ ᠮᠣᠩᠭᠣᠯ ᠤᠯᠤᠰ ᠤᠨ ᠲᠥᠷᠥ ᠵᠠᠰᠠᠭ ᠳᠡᠪᠰᠢᠭᠦᠯᠦᠨ ᠠᠵᠢᠯᠯᠠᠵᠤ ᠪᠠᠢᠭ᠎ᠠ ᠳᠤ  ᠵᠦᠪᠯᠡᠬᠦ ᠨᠦᠭᠦᠳ ᠦᠨ ᠲᠠᠩᠬᠢᠮ ᠤᠨ ᠳᠠᠷᠤᠭ᠎ᠠ ᠰᠠᠨᠲ᠋ᠤ᠋ ᠠᠺᠢᠺᠣ ᠲᠠᠯᠠᠷᠬᠠᠯ ᠢᠯᠡᠷᠬᠡᠶᠢᠯᠡᠭᠡᠳ᠂ ᠡᠨᠡ ᠴᠢᠭᠯᠡᠯ ᠢᠶᠡᠷ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠨᠣᠲᠠᠯᠠᠪᠠ᠃

 

ᠰᠡᠳᠬᠢᠭᠳᠡᠯ ᠦᠯᠡᠳᠡᠭᠡᠬᠦ