ᠠᠬᠠᠯᠠᠬᠤ ᠠᠬᠠᠯᠠᠭᠴᠢ ᠲ ∙ ᠷᠢᠨᠴᠢᠨᠪᠠᠳᠮ᠎ᠠ 860 ᠺᠢᠯᠣᠮᠧᠲ᠋ᠷ ᠵᠠᠮ ᠲᠤᠭᠤᠯᠤᠭᠠᠳ ᠪᠠᠶᠢᠨ᠎ᠠ | News.MN

ᠠᠬᠠᠯᠠᠬᠤ ᠠᠬᠠᠯᠠᠭᠴᠢ ᠲ ∙ ᠷᠢᠨᠴᠢᠨᠪᠠᠳᠮ᠎ᠠ 860 ᠺᠢᠯᠣᠮᠧᠲ᠋ᠷ ᠵᠠᠮ ᠲᠤᠭᠤᠯᠤᠭᠠᠳ ᠪᠠᠶᠢᠨ᠎ᠠ

ᠬᠢᠯᠢ ᠶᠢᠨ ᠴᠡᠷᠢᠭ ᠦᠨ 0108 ᠳ᠋ᠤᠭᠠᠷ ᠠᠩᠬᠢ ᠶᠢᠨ ᠠᠬᠠᠯᠠᠬᠤ ᠠᠬᠠᠯᠠᠭᠴᠢ᠂ ᠰᠫᠣᠷᠲ ᠤᠨ ᠮᠠᠰᠲ᠋ᠸᠷ ᠲ ∙ᠷᠢᠨᠴᠢᠨᠪᠠᠳᠮ᠎ᠠ ᠨᠠᠢ᠌ᠮᠠᠳᠤᠭᠠᠷ ᠰᠠᠷ᠎ᠠ ᠶᠢᠨ 2 ᠤ ᠡᠳᠦᠷ ᠮᠣᠩᠭᠣᠯ ᠤᠯᠤᠰ ᠤᠨ ᠡᠮᠦᠨᠡᠲᠦ ᠬᠢᠯᠢ ᠡᠴᠡ ᠭᠦᠶᠦᠯᠲᠡ ᠶᠢᠨ ᠵᠠᠮ ᠳᠤ ᠪᠠᠨ ᠭᠠᠷᠤᠭᠰᠠᠨ ᠠᠴᠠ ᠬᠣᠶᠢᠰᠢ ᠶᠢᠰᠦᠳᠦᠭᠡᠷ ᠰᠠᠷ᠎ᠠ ᠶᠢᠨ 6  ᠤ ᠪᠠᠶᠢᠳᠠᠯ ᠢᠶᠠᠷ 860 ᠺᠢᠯᠣᠮᠧᠲ᠋ᠷ ᠵᠠᠮ ᠲᠤᠭᠤᠯᠤᠭᠠᠳ ᠪᠠᠶᠢᠨ᠎ᠠ᠃
ᠲᠡᠷᠡᠪᠡᠷ 1100 ᠺᠢᠯᠣᠮᠧᠲ᠋ᠷ ᠵᠠᠮ ᠢ ᠲᠤᠭᠤᠯᠵᠤ᠂ ᠬᠢᠯᠢ ᠬᠠᠮᠠᠭᠠᠯᠠᠬᠤ ᠪᠠᠶᠢᠭᠤᠯᠤᠯᠭ᠎ᠠ ᠶᠢᠨ 88 ᠵᠢᠯ ᠦᠨ ᠣᠢ ᠶᠢᠨ ᠪᠠᠶᠠᠷ ᠤᠨ ᠡᠳᠦᠷ ᠪᠤᠶᠤ ᠶᠢᠰᠦᠳᠦᠭᠡᠷ ᠰᠠᠷ᠎ᠠ ᠶᠢᠨ 17  ᠤ ᠡᠳᠦᠷ ᠪᠠᠷᠢᠶᠠᠨ ᠳᠤ ᠪᠠᠨ ᠣᠷᠣᠬᠤ ᠪᠠᠷ ᠲᠣᠭᠠᠴᠠᠭᠠᠯᠠᠨ ᠲᠥᠯᠥᠪᠯᠡᠭᠡᠨ ᠦ ᠳᠠᠭᠠᠤ ᠬᠣᠯᠠ ᠶᠢᠨ ᠵᠠᠮ ᠤᠨ ᠭᠦᠶᠦᠯᠲᠡ ᠪᠡᠨ ᠦᠷᠭᠦᠯᠵᠢᠯᠡᠭᠦᠯᠦᠭᠰᠡᠭᠡᠷ ᠪᠤᠢ ᠶᠤᠮ᠃

ᠰᠡᠳᠬᠢᠭᠳᠡᠯ ᠦᠯᠡᠳᠡᠭᠡᠬᠦ