ᠼ ∙ᠮᠠᠭᠠᠯᠵᠠᠪ᠄ ᠪᠥᠬᠡᠴᠦᠳ ᠡᠴᠡ ᠰᠡᠷᠭᠦᠭᠡᠰᠢ ᠢᠯᠡᠷᠡᠭᠰᠡᠨ ᠭᠡᠳᠡᠭ ᠨᠢ ᠲᠠᠰᠢᠶ᠎ᠠ ᠮᠡᠳᠡᠭᠡᠯᠡᠯ | News.MN

ᠼ ∙ᠮᠠᠭᠠᠯᠵᠠᠪ᠄ ᠪᠥᠬᠡᠴᠦᠳ ᠡᠴᠡ ᠰᠡᠷᠭᠦᠭᠡᠰᠢ ᠢᠯᠡᠷᠡᠭᠰᠡᠨ ᠭᠡᠳᠡᠭ ᠨᠢ ᠲᠠᠰᠢᠶ᠎ᠠ ᠮᠡᠳᠡᠭᠡᠯᠡᠯ

ᠮᠣᠩᠭᠣᠯ ᠤᠯᠤᠰ ᠲᠤ ᠵᠠᠯᠠᠭᠤᠴᠤᠳ ᠤᠨ ᠪᠠᠶᠢᠭᠤᠯᠤᠯᠭ᠎ᠠ ᠡᠭᠦᠰᠴᠦ ᠬᠥᠭᠵᠢᠭᠰᠡᠨ ᠦ 100 ᠵᠢᠯ᠂ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ 30 ᠵᠢᠯ᠂ ᠮᠣᠩᠭᠣᠯ ᠪᠥᠬᠡ ᠶᠢ ᠭᠢᠨᠢᠰ ᠲᠦ ᠪᠦᠷᠢᠳᠬᠡᠭᠦᠯᠦᠭᠰᠡᠨ ᠦ 10 ᠵᠢᠯ ᠦᠨ ᠣᠢ ᠳᠤ ᠵᠣᠷᠢᠭᠤᠯᠤᠭᠰᠠᠨ 512 ᠬᠦᠴᠦᠲᠦ ᠪᠥᠬᠡ ᠶᠢᠨ ᠪᠠᠷᠢᠯᠳᠤᠭᠠᠨ ᠪᠣᠯᠤᠭᠰᠠᠨ ᠪᠢᠯᠡ᠃ ᠲᠤᠰ ᠪᠠᠷᠢᠯᠳᠤᠭᠠᠨ ᠳᠤ ᠵᠣᠳᠣᠭᠯᠠᠵᠤ᠂ ᠲᠠᠪᠤ ᠶᠢᠨ ᠳᠠᠪᠠᠭᠠᠨ ᠠᠴᠠ ᠬᠣᠶᠢᠰᠢ ᠲᠤᠨᠵᠤ ᠦᠯᠡᠳᠡᠭᠰᠡᠨ ᠪᠥᠬᠡᠴᠦᠳ ᠡᠴᠡ ᠰᠡᠷᠭᠦᠭᠡᠰᠢ ᠰᠢᠨᠵᠢᠯᠡᠭᠡ ᠠᠪᠤᠭᠰᠠᠨ ᠪᠢᠯᠡ᠃ ᠲᠡᠳᠡᠨ ᠡᠴᠡ ᠲᠠᠪᠤ ᠨᠢ ᠰᠡᠷᠭᠦᠭᠡᠰᠢ ᠢᠯᠡᠷᠡᠭᠰᠡᠨ ᠭᠡᠬᠦ ᠮᠡᠳᠡᠭᠡᠯᠡᠯ ᠥᠨᠥᠳᠥᠷ ᠭᠠᠷᠤᠭᠰᠠᠨ ᠶᠤᠮ᠃
ᠡᠭᠦᠨ ᠢ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠲᠡᠷᠢᠭᠦᠨ ᠼ ∙ ᠮᠠᠭᠠᠯᠵᠠᠪ ᠦᠭᠡᠢᠰᠭᠡᠵᠦ᠄ 18 ᠪᠥᠬᠡ ᠡᠴᠡ  ᠰᠡᠷᠭᠦᠭᠡᠰᠢ ᠶᠢᠨ ᠰᠢᠨᠵᠢᠯᠡᠭᠡ ᠠᠪᠤᠭᠰᠠᠨ ᠪᠠᠶᠢᠭ᠎ᠠ᠃ ᠰᠢᠨᠵᠢᠯᠡᠭᠡᠨ ᠦ ᠬᠠᠷᠢᠭᠤ ᠠᠯᠪᠠᠨ ᠶᠣᠰᠣᠭᠠᠷ ᠭᠠᠷᠤᠭ᠎ᠠ ᠦᠭᠡᠢ ᠪᠠᠶᠢᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ