《ᠡᠷᠳᠡᠨᠢᠰ ᠲᠠᠪᠤᠨᠲᠤᠯᠤᠭᠠᠢ》 ᠪᠤᠨᠳ᠋ ᠢᠶᠠᠷ 519 ᠲᠡᠷᠪᠤᠮ ᠢ ᠲᠠᠲᠠᠨ ᠲᠥᠪᠯᠡᠷᠡᠭᠦᠯᠵᠡᠢ | News.MN

《ᠡᠷᠳᠡᠨᠢᠰ ᠲᠠᠪᠤᠨᠲᠤᠯᠤᠭᠠᠢ》 ᠪᠤᠨᠳ᠋ ᠢᠶᠠᠷ 519 ᠲᠡᠷᠪᠤᠮ ᠢ ᠲᠠᠲᠠᠨ ᠲᠥᠪᠯᠡᠷᠡᠭᠦᠯᠵᠡᠢ

ᠬᠥᠷᠥᠩᠭᠡ ᠶᠢᠨ ᠵᠠᠬ᠎ᠠ ᠵᠡᠭᠡᠯᠢ ᠳᠦ ᠭᠠᠷᠭᠠᠭᠰᠠᠨ《ᠡᠷᠳᠡᠨᠢᠰ ᠲᠠᠪᠤᠨᠲᠤᠯᠤᠭᠠᠢ》 ᠪᠤᠨᠳ᠋  ᠤᠨ ᠵᠠᠬᠢᠶᠠᠯᠠᠭ᠎ᠠ ᠡᠨᠡ ᠰᠠᠷ᠎ᠠ ᠶᠢᠨ 25  ᠳᠦ ᠳᠠᠭᠤᠰᠤᠯ᠎ᠠ᠃ ᠲᠤᠰ ᠺᠣᠮᠫᠠᠨᠢ ᠬᠤᠶᠠᠳᠤᠭᠠᠷ ᠱᠠᠲᠤᠨ ᠤ ᠵᠠᠬᠢᠶᠠᠯᠠᠭ᠎ᠠ ᠪᠠᠷ ᠭᠤᠷᠪᠠᠨ ᠡᠬᠢ ᠡᠭᠦᠰᠪᠦᠷᠢ ᠡᠴᠡ ᠨᠡᠶᠢᠲᠡ 519 ᠲᠡᠷᠪᠤᠮ ᠲᠥᠭᠥᠷᠢᠭ᠂ 53 ᠰᠠᠶ᠎ᠠ ᠳ᠋ᠣᠯᠯᠠᠷ ᠢ ᠲᠠᠲᠠᠨ ᠲᠥᠪᠯᠡᠷᠡᠭᠦᠯᠵᠡᠢ᠃ ᠢᠩᠭᠢᠭᠰᠡᠨ ᠢᠶᠡᠷ ᠪᠤᠨᠳ᠋ ᠤᠨ ᠵᠠᠬᠢᠶᠠᠯᠠᠭ᠎ᠠ ᠲᠥᠯᠥᠪᠯᠡᠭᠰᠡᠨ ᠡᠴᠡ 117 ᠬᠤᠪᠢ ᠪᠠᠷ ᠳᠠᠪᠠᠵᠤ ᠪᠡᠶᠡᠯᠡᠭᠰᠡᠨ ᠪᠠᠶᠢᠨ᠎ᠠ᠃
ᠪᠤᠨᠳ᠋ 3 ᠵᠢᠯ ᠦᠨ ᠬᠤᠭᠤᠴᠠᠭ᠎ᠠ ᠲᠠᠢ᠂ ᠵᠢᠯ ᠦᠨ 10 ᠬᠤᠪᠢ ᠶᠢᠨ ᠬᠦᠦ ᠲᠡᠢ ᠲᠥᠭᠥᠷᠢᠭ ᠢᠶᠡᠷ ᠢᠯᠡᠷᠬᠡᠶᠢᠯᠡᠭᠰᠡᠨ ᠪᠣᠯᠤᠨ 2 ᠵᠢᠯ ᠦᠨ ᠬᠤᠭᠤᠴᠠᠭ᠎ᠠ ᠲᠠᠢ ᠵᠢᠯ ᠦᠨ 5.8 ᠬᠤᠪᠢ ᠶᠢᠨ ᠬᠦᠦ ᠲᠠᠢ ᠳ᠋ᠤᠯᠯᠠᠷ ᠢᠶᠠᠷ ᠢᠯᠡᠷᠬᠡᠶᠢᠯᠡᠭᠰᠡᠨ᠂ 200 ᠰᠠᠶ᠎ᠠ ᠬᠦᠷᠲᠡᠯᠡᠬᠢ ᠳ᠋ᠣᠯᠯᠠᠷ ᠲᠠᠢ ᠲᠡᠩᠴᠡᠬᠦ ᠦᠨ᠎ᠡ ᠶᠢᠨ ᠳ᠋ᠦᠩ ᠪᠦᠬᠦᠢ ᠦᠷᠢ ᠶᠢᠨ ᠬᠡᠷᠡᠭᠰᠡᠯ ᠢ ᠣᠯᠠᠨ ᠨᠡᠶᠢᠲᠡ ᠳᠦ ᠰᠠᠨᠠᠯ ᠪᠣᠯᠭᠠᠭᠰᠠᠨ᠃

ᠰᠡᠳᠬᠢᠭᠳᠡᠯ ᠦᠯᠡᠳᠡᠭᠡᠬᠦ