ᠵᠡᠰ ᠦᠨ ᠪᠠᠶᠠᠵᠢᠮᠠᠯ ᠤᠨ ᠡᠺᠰᠫᠣᠷᠲ ᠤᠨ ᠣᠷᠣᠯᠭ᠎ᠠ ᠬᠣᠶᠠᠷ ᠳᠠᠬᠢᠨ ᠥᠰᠴᠠᠢ | News.MN

ᠵᠡᠰ ᠦᠨ ᠪᠠᠶᠠᠵᠢᠮᠠᠯ ᠤᠨ ᠡᠺᠰᠫᠣᠷᠲ ᠤᠨ ᠣᠷᠣᠯᠭ᠎ᠠ ᠬᠣᠶᠠᠷ ᠳᠠᠬᠢᠨ ᠥᠰᠴᠠᠢ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠡᠨᠡ ᠰᠠᠷ᠎ᠠ ᠶᠢᠨ 15 ᠪᠤᠯᠲᠠᠯᠠᠬᠢ ᠭᠠᠳᠠᠭᠠᠳᠤ ᠬᠤᠳᠠᠯᠳᠤᠭᠠᠨ ᠤ ᠳ᠋ᠦᠩ ᠢ ᠲᠠᠨᠢᠯᠴᠠᠭᠤᠯᠪᠠ᠃ ᠥᠩᠭᠡᠷᠡᠭᠰᠡᠨ ᠣᠨ ᠤ ᠮᠥᠨ ᠦᠶ᠎ᠡ ᠲᠡᠢ ᠬᠠᠷᠢᠴᠠᠭᠤᠯᠬᠤ ᠳᠤ ᠵᠡᠰ ᠦᠨ ᠪᠠᠶᠠᠵᠢᠮᠠᠯ ᠤᠨ ᠡᠺᠰᠫᠣᠷᠲ ᠤᠨ ᠣᠷᠣᠯᠭ᠎ᠠ ᠬᠣᠶᠠᠷ ᠳᠠᠬᠢᠨ ᠥᠰᠴᠦ᠂ 1.825 ᠰᠠᠶ᠎ᠠ ᠳ᠋ᠣᠯᠯᠠᠷ ᠲᠤ ᠬᠦᠷᠴᠡᠢ᠃ ᠴᠢᠯᠠᠭᠤᠨ ᠨᠡᠭᠦᠷᠡᠰᠦᠨ ᠦ ᠣᠷᠣᠯᠭ᠎ᠠ 1.197 ᠰᠠᠶ᠎ᠠ᠂ ᠲᠡᠮᠦᠷ ᠦᠨ ᠬᠥᠳᠡᠷ ᠪᠣᠯᠤᠨ ᠪᠠᠶᠠᠵᠢᠮᠠᠯ ᠤᠨ ᠬᠢ 711 ᠰᠠᠶ᠎ᠠ᠂ ᠪᠣᠯᠪᠠᠰᠤᠷᠠᠭᠤᠯᠤᠭ᠎ᠠ ᠦᠭᠡᠢ ᠭᠠᠵᠠᠷ ᠤᠨ ᠲᠣᠰᠤᠨ ᠤ ᠣᠷᠣᠯᠭ᠎ᠠ 210 ᠰᠠᠶ᠎ᠠ ᠳ᠋ᠣᠯᠯᠠᠷ ᠪᠣᠯᠵᠤ ᠲᠤᠰ ᠲᠤᠰ ᠥᠰᠴᠠᠢ᠃
ᠬᠠᠷᠢᠨ ᠪᠣᠯᠪᠠᠰᠤᠷᠠᠭᠤᠯᠤᠭ᠎ᠠ ᠦᠭᠡᠢ ᠪᠤᠶᠤ ᠬᠠᠭᠠᠰ ᠪᠣᠯᠪᠠᠰᠤᠷᠠᠭᠤᠯᠤᠭᠰᠠᠨ ᠠᠯᠲᠠᠨ ᠤ ᠣᠷᠣᠯᠭ᠎ᠠ 218 ᠰᠠᠶ᠎ᠠ ᠳ᠋ᠣᠯᠯᠠᠷ ᠪᠣᠯᠵᠤ᠂ ᠲᠠᠪᠤ ᠳᠠᠬᠢᠨ ᠪᠠᠭᠤᠷᠠᠭᠰᠠᠨ ᠪᠠᠶᠢᠨ᠎ᠠ᠃ ᠮᠣᠩᠭᠣᠯ ᠪᠠᠩᠬᠢ 11 ᠲᠣᠨ ᠦᠨᠡᠲᠦ ᠮᠧᠲ᠋ᠠᠯ ᠬᠤᠳᠠᠯᠳᠤᠨ ᠠᠪᠤᠭᠠᠳ ᠪᠠᠶᠢᠨ᠎ᠠ᠃ ᠡᠨᠡ ᠨᠢ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠪᠠᠯ 2.07 ᠲᠣᠨ ᠢᠶᠠᠷ ᠪᠠᠭᠤᠷᠠᠭᠰᠠᠨ ᠦᠵᠡᠭᠦᠯᠦᠯᠲᠡ ᠶᠤᠮ᠃ ᠮᠥᠨ ᠠᠯᠲᠠᠨ ᠤ ᠦᠨ᠎ᠡ ᠪᠠᠭᠤᠷᠠᠭᠰᠠᠨ ᠲᠤᠯᠠ ᠲᠥᠪ ᠪᠠᠩᠬᠢ ᠶᠠᠭᠠᠷᠠᠵᠤ ᠬᠤᠳᠠᠯᠳᠤᠯ ᠦᠭᠡᠢ᠂ ᠢᠷᠭᠡᠳ᠂ ᠠᠵᠤ ᠠᠬᠤᠢ ᠶᠢᠨ ᠨᠢᠭᠡᠴᠢ ᠨᠦᠭᠦᠳ ᠦᠨ ᠲᠤᠰᠢᠶᠠᠭᠰᠠᠨ ᠠᠯᠲᠠ ᠶᠢ ᠪᠡᠶᠡᠲᠦ ᠬᠡᠮᠵᠢᠶ᠎ᠡ ᠪᠡᠷ ᠬᠠᠳᠠᠭᠠᠯᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ