ᠴᠢᠩᠭᠢᠰ ᠬᠠᠭᠠᠨ ᠨᠢᠰᠬᠦ ᠣᠩᠭᠣᠴᠠᠨ ᠤ ᠪᠠᠭᠤᠳᠠᠯ ᠠᠩᠬᠠᠨ ᠤ ᠨᠢᠰᠦᠯᠭᠡ ᠪᠡᠨ ᠨᠢᠭᠡ ᠰᠠᠷ᠎ᠠ ᠶᠢᠨ ᠡᠮᠦᠨ᠎ᠡ ᠬᠢᠭᠰᠡᠨ ᠡᠴᠡ ᠬᠣᠶᠢᠰᠢ ᠡᠳᠦᠷ ᠲᠦ 3-4 ᠨᠢᠰᠦᠯᠭᠡ ᠲᠣᠭᠲᠠᠮᠠᠯ ᠦᠢᠯᠡᠳᠴᠦ ᠪᠠᠶᠢᠨ᠎ᠠ᠃ ᠬᠠᠷᠢᠨ ᠴᠠᠷ᠎ᠠ ᠲᠠᠬᠤᠯ ᠤᠨ ᠠᠶᠤᠯ ᠨᠠᠮᠵᠢᠭᠰᠠᠨ ᠤ ᠳᠠᠷᠠᠭ᠎ᠠ ᠡᠳᠦᠷ ᠲᠦ 7-8 ᠨᠢᠰᠦᠯᠭᠡ ᠦᠢᠯᠡᠳᠬᠦ ᠪᠣᠯᠤᠮᠵᠢ ᠲᠠᠢ ᠶᠤᠮ᠃
ᠰᠢᠨ᠎ᠡ ᠨᠢᠰᠬᠦ ᠪᠠᠭᠤᠳᠠᠯ ᠦᠨ ᠵᠣᠷᠴᠢᠭᠴᠢ ᠦᠢᠯᠡᠴᠢᠯᠡᠭᠡᠨ ᠦ ᠪᠠᠷᠢᠯᠭ᠎ᠠ ᠶᠢᠨ ᠲᠠᠯᠠᠪᠠᠢ ᠶᠢᠨ ᠬᠡᠮᠵᠢᠶ᠎ᠡ ᠪᠤᠶᠠᠨᠲᠤ-ᠬᠤᠸᠠ ᠨᠢᠰᠬᠦ ᠪᠠᠭᠤᠳᠠᠯ ᠠᠴᠠ 1.5 ᠳᠠᠬᠢᠨ ᠨᠡᠮᠡᠭᠳᠡᠭᠰᠡᠨ᠃ ᠬᠠᠭᠤᠴᠢᠨ ᠨᠢᠰᠬᠦ ᠪᠠᠭᠤᠳᠠᠯ ᠵᠢᠯ ᠳᠦ 1.5 ᠰᠠᠶ᠎ᠠ ᠵᠣᠷᠴᠢᠭᠴᠢ ᠬᠦᠯᠢᠶᠡᠨ ᠠᠪᠬᠤ ᠬᠦᠴᠦᠨ ᠴᠢᠳᠠᠯ ᠲᠠᠢ ᠪᠠᠶᠢᠭᠰᠠᠨ ᠪᠣᠯ ᠰᠢᠨ᠎ᠡ ᠨᠢᠰᠬᠦ ᠪᠠᠭᠤᠳᠠᠯ 3 ᠰᠠᠶ᠎ᠠ ᠵᠣᠷᠴᠢᠭᠴᠢ ᠬᠦᠯᠢᠶᠡᠵᠦ ᠠᠪᠬᠤ ᠪᠣᠯᠤᠮᠵᠢ ᠲᠠᠢ᠃ ᠠᠴᠢᠶ᠎ᠠ ᠲᠡᠭᠡᠭᠡᠰᠢ ᠶᠢᠨ ᠠᠭᠤᠯᠬᠤ ᠶᠢᠨ ᠪᠠᠭᠲᠠᠭᠠᠮᠵᠢ ᠬᠣᠶᠠᠷ ᠳᠠᠬᠢᠨ ᠨᠡᠮᠡᠭᠳᠡᠭᠰᠡᠨ᠃ ᠬᠠᠭᠤᠴᠢᠨ ᠪᠠᠭᠤᠳᠠᠯ 330 ᠣᠷᠴᠢᠮ ᠮᠠᠰᠢᠨ ᠤ ᠵᠣᠭᠰᠣᠭᠠᠯ ᠲᠠᠢ ᠪᠠᠶᠢᠭᠰᠠᠨ ᠪᠣᠯ ᠰᠢᠨ᠎ᠡ ᠨᠢᠰᠬᠦ ᠪᠠᠭᠤᠳᠠᠯ ᠤᠨ ᠵᠣᠭᠰᠣᠭᠠᠯ 830 ᠪᠣᠯᠵᠤ 2.5 ᠳᠠᠬᠢᠨ ᠨᠡᠮᠡᠭᠳᠡᠭᠰᠡᠨ᠃