ᠪ ∙ ᠴᠠᠭᠠᠨᠪᠠᠭᠠᠲᠤᠷ ᠫᠠᠷᠠᠯᠢᠮᠫ ᠤᠨ ᠨᠠᠭᠠᠳᠤᠮ ᠰᠢᠭᠦᠭᠰᠡᠨ ᠠᠩᠬᠠᠨ ᠤ ᠮᠣᠩᠭᠣᠯ ᠰᠢᠭᠦᠭᠴᠢ ᠪᠣᠯᠤᠨ᠎ᠠ | News.MN

ᠪ ∙ ᠴᠠᠭᠠᠨᠪᠠᠭᠠᠲᠤᠷ ᠫᠠᠷᠠᠯᠢᠮᠫ ᠤᠨ ᠨᠠᠭᠠᠳᠤᠮ ᠰᠢᠭᠦᠭᠰᠡᠨ ᠠᠩᠬᠠᠨ ᠤ ᠮᠣᠩᠭᠣᠯ ᠰᠢᠭᠦᠭᠴᠢ ᠪᠣᠯᠤᠨ᠎ᠠ

ᠶᠠᠫᠣᠨ ᠤ ᠨᠡᠶᠢᠰᠯᠡᠯ ᠲᠤᠤᠺᠢᠤ᠋ ᠬᠤᠲᠠ ᠳᠤ ᠵᠤᠨ ᠤ ᠫᠠᠷᠠᠯᠢᠮᠫ ᠨᠠᠭᠠᠳᠤᠮ ᠡᠨᠡ ᠡᠳᠦᠷ ᠦᠳ ᠲᠦ ᠦᠷᠭᠦᠯᠵᠢᠯᠡᠵᠦ ᠪᠠᠶᠢᠨ᠎ᠠ᠃ ᠤᠭ ᠨᠠᠭᠠᠳᠤᠮ ᠳᠤ ᠮᠠᠨ ᠤ ᠤᠯᠤᠰ ᠠᠴᠠ 11 ᠲᠠᠮᠢᠷᠴᠢᠨ ᠪᠤᠤᠳᠠᠯᠭ᠎ᠠ᠂ ᠪᠠᠶᠢᠲᠤ ᠬᠠᠷᠪᠤᠭ᠎ᠠ᠂ ᠵᠢᠦ᠋ᠳᠣ᠋᠂ ᠬᠥᠩᠭᠡᠨ ᠠᠲᠯᠧᠲ᠋ᠢᠭ ᠵᠡᠷᠭᠡ ᠵᠢᠷᠭᠤᠭᠠᠨ ᠲᠥᠷᠥᠯ ᠳᠦ ᠦᠷᠢᠰᠦᠯᠳᠦᠬᠦ ᠶᠤᠮ᠃
ᠲᠷᠢᠶᠠᠲᠣᠯᠤᠨ ᠤ ᠲᠡᠮᠡᠴᠡᠭᠡᠨ ᠢ ᠪ ∙ ᠴᠠᠭᠠᠨᠪᠠᠭᠠᠲᠤᠷ ᠰᠢᠭᠦᠬᠦ ᠶᠤᠮ᠃ ᠲᠡᠷᠡᠪᠡᠷ ᠫᠠᠷᠠᠯᠢᠮᠫ ᠤᠨ ᠨᠠᠭᠠᠳᠤᠮ ᠰᠢᠭᠦᠭᠰᠡᠨ ᠠᠩᠬᠠᠨ ᠤ ᠮᠣᠩᠭᠣᠯ ᠰᠢᠭᠦᠭᠴᠢ ᠪᠣᠯᠤᠨ᠎ᠠ᠃ ᠲᠤᠤᠺᠢᠤ᠋ 2020 ᠵᠤᠨ ᠤ ᠫᠠᠷᠠᠯᠢᠮᠫ ᠤᠨ ᠨᠠᠭᠠᠳᠤᠮ ᠡᠨᠡ ᠰᠠᠷ᠎ᠠ ᠶᠢᠨ 24  ᠡᠴᠡ ᠶᠢᠰᠦᠳᠦᠭᠡᠷ ᠰᠠᠷ᠎ᠠ ᠶᠢᠨ 5  ᠤ ᠬᠣᠭᠣᠷᠣᠨᠳᠣ ᠪᠣᠯᠬᠤ ᠪᠥᠭᠡᠳ 4400 ᠭᠠᠷᠤᠢ ᠲᠠᠮᠢᠷᠴᠢᠨ 22 ᠰᠫᠣᠷᠲ ᠤᠨ ᠲᠥᠷᠥᠯ ᠳᠦ 540 ᠪᠠᠭᠴᠠ ᠮᠧᠳᠠᠯ ᠤᠨ ᠲᠥᠯᠥᠭᠡ ᠦᠷᠢᠰᠦᠯᠳᠦᠬᠦ ᠪᠢᠯᠡ᠃

ᠰᠡᠳᠬᠢᠭᠳᠡᠯ ᠦᠯᠡᠳᠡᠭᠡᠬᠦ