7 ᠳ᠋ᠤᠭᠠᠷ ᠰᠠᠷ᠎ᠠ ᠳᠤ 1.7 ᠲᠣᠨ ᠦᠨᠡᠲᠦ ᠮᠧᠲ᠋ᠠᠯ ᠬᠤᠳᠠᠯᠳᠤᠨ ᠠᠪᠴᠠᠢ | News.MN

7 ᠳ᠋ᠤᠭᠠᠷ ᠰᠠᠷ᠎ᠠ ᠳᠤ 1.7 ᠲᠣᠨ ᠦᠨᠡᠲᠦ ᠮᠧᠲ᠋ᠠᠯ ᠬᠤᠳᠠᠯᠳᠤᠨ ᠠᠪᠴᠠᠢ

ᠮᠣᠩᠭᠣᠯ ᠪᠠᠩᠬᠢ 2021 ᠣᠨ ᠤ 7 ᠳ᠋ᠤᠭᠠᠷ ᠰᠠᠷ᠎ᠠ ᠳᠤ 1.7 ᠲᠣᠨ ᠦᠨᠡᠲᠦ ᠮᠧᠲ᠋ᠠᠯ ᠬᠤᠳᠠᠯᠳᠤᠨ ᠠᠪᠴᠤ᠂ ᠣᠨ ᠤ ᠡᠬᠢᠨ ᠡᠴᠡ ᠥᠰᠦᠭᠰᠡᠨ ᠳ᠋ᠦᠩ ᠢᠶᠡᠷ ᠨᠡᠶᠢᠲᠡ 11 ᠲᠣᠨ ᠦᠨᠡᠲᠦ ᠮᠧᠲ᠋ᠠᠯ ᠬᠤᠳᠠᠯᠳᠤᠨ ᠠᠪᠤᠯ᠎ᠠ᠃ ᠡᠨᠡ ᠨᠢ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠪᠠᠯ 2.07 ᠲᠣᠨ ᠢᠶᠡᠷ ᠪᠠᠭᠤᠷᠠᠭᠰᠠᠨ ᠦᠵᠡᠭᠦᠯᠦᠯᠲᠡ ᠶᠤᠮ᠃
2021 ᠣᠨ ᠤ 7 ᠳ᠋ᠤᠭᠠᠷ ᠰᠠᠷ᠎ᠠ ᠶᠢᠨ ᠬᠤᠪᠢ ᠳᠤ ᠳᠠᠷᠬᠠᠨ-ᠠᠭᠤᠯᠠ ᠠᠶᠢᠮᠠᠭ ᠳᠠᠬᠢ ᠮᠣᠩᠭᠣᠯ ᠪᠠᠩᠭᠢᠨ ᠤ ᠬᠡᠯᠲᠡᠰ 79.6  ᠺᠢᠯᠦᠭᠷᠡᠮ᠂ ᠪᠠᠶᠠᠨᠬᠣᠩᠭᠣᠷ ᠠᠶᠢᠮᠠᠭ ᠳᠠᠬᠢ ᠮᠣᠩᠭᠣᠯ ᠪᠠᠩᠭᠢᠨ ᠤ ᠰᠠᠯᠪᠤᠷᠢ 152 ᠺᠢᠯᠦᠭᠷᠡᠮ ᠦᠨᠡᠲᠦ ᠮᠧᠲ᠋ᠠᠯ ᠬᠤᠳᠠᠯᠳᠤᠨ ᠠᠪᠤᠭᠰᠠᠨ᠃ ᠮᠣᠩᠭᠣᠯ ᠪᠠᠩᠭᠢᠨ ᠤ ᠨᠢᠭᠡ ᠭᠷᠠᠮ ᠠᠯᠲᠠ ᠬᠤᠳᠠᠯᠳᠤᠨ ᠠᠪᠬᠤ ᠳᠤᠮᠳᠠᠴᠢ ᠬᠠᠩᠰᠢ 2021 ᠣᠨ ᠤ 7 ᠳ᠋ᠤᠭᠠᠷ ᠰᠠᠷ᠎ᠠ ᠳᠤ 164862.22 ᠲᠥᠭᠥᠷᠢᠭ  ᠪᠠᠢᠪᠠ᠃

ᠰᠡᠳᠬᠢᠭᠳᠡᠯ ᠦᠯᠡᠳᠡᠭᠡᠬᠦ