ᠰᠲ᠋ᠠᠷᠲ᠋ᠠᠫ ᠤᠳ ᠤᠨ ᠮᠥᠷᠥᠭᠡᠳᠦᠯ ᠪᠣᠯᠤᠭᠰᠠᠨ YCombinator ᠨᠢ ᠭᠠᠷᠤᠭᠠᠨ ᠤ ᠪᠢᠽᠢᠨᠧᠰ ᠦᠳ ᠢ ᠪᠣᠶᠢᠵᠢᠭᠤᠯᠵᠤ ᠳᠡᠯᠡᠬᠡᠢ ᠶᠢᠨ ᠵᠠᠬ᠎ᠠ ᠵᠡᠭᠡᠯᠢ ᠳᠡᠭᠡᠷ᠎ᠡ ᠭᠠᠷᠭᠠᠳᠠᠭ ᠭᠡᠳᠡᠭ ᠢᠶᠡᠷ ᠢᠶᠡᠨ ᠣᠨᠴᠠᠯᠢᠭ ᠶᠤᠮ᠃ ᠡᠨᠡ ᠬᠥᠲᠥᠯᠪᠦᠷᠢ ᠳᠦ TomYo ᠦᠨ ᠵᠠᠯᠠᠭᠤᠰ ᠥᠩᠭᠡᠷᠡᠭᠰᠡᠨ ᠲᠠᠪᠤᠳᠤᠭᠠᠷ ᠰᠠᠷ᠎ᠠ ᠳᠤ 22᠂000+ ᠰᠲ᠋ᠠᠷᠲ᠋ᠠᠫ ᠲᠠᠢ ᠥᠷᠢᠰᠦᠯᠳᠦᠵᠦ ᠰᠢᠯᠢᠳᠡᠭ ᠲᠠᠪᠤᠨ ᠬᠤᠪᠢ ᠳᠤ ᠨᠢ ᠦᠯᠡᠳᠡᠵᠦ᠂ ᠳᠠᠷᠠᠭ᠎ᠠ ᠶᠢᠨ ᠱᠠᠲᠤᠨ ᠳᠤ ᠪᠠᠨ ᠰᠢᠯᠭᠠᠷᠠᠵᠤ ᠴᠢᠳᠠᠭᠰᠠᠨ ᠶᠤᠮ᠃ ᠭᠡᠬᠦ ᠳᠦ ᠪᠡᠨ ᠬᠠᠷᠠᠬᠠᠨ ᠬᠥᠷᠥᠩᠭᠡ ᠣᠷᠣᠭᠤᠯᠤᠯᠲᠠ ᠠᠪᠬᠤ ᠡᠴᠦᠰ ᠦᠨ ᠱᠠᠲᠤᠨ ᠳᠤ ᠪᠠᠨ ᠦᠯᠡᠳᠡᠭᠡ ᠦᠭᠡᠢ ᠪᠠᠶᠢᠨ᠎ᠠ᠃
ᠬᠡᠳᠦᠢ ᠲᠡᠳᠡ ᠡᠭᠦᠰᠬᠡᠨ ᠪᠠᠶᠢᠭᠤᠯᠤᠭᠳᠠᠭᠠᠳ ᠨᠢᠭᠡᠬᠡᠨ ᠵᠢᠯ ᠦᠨ ᠨᠢᠭᠤᠷ ᠢ ᠦᠵᠡᠵᠦ ᠪᠠᠶᠢᠭ᠎ᠠ ᠴᠤ ᠭᠡᠰᠡᠨ ᠳᠡᠯᠡᠬᠡᠢ ᠳᠦ ᠭᠠᠷᠬᠤ ᠲᠣᠮᠣᠬᠠᠨ ᠠᠯᠬᠤᠮ ᠤᠳ ᠢᠶᠠᠨ ᠦᠷᠭᠦᠯᠵᠢᠯᠡᠭᠦᠯᠦᠭᠰᠡᠨ ᠦ ᠦᠷ᠎ᠡ ᠳ᠋ᠦᠩ ᠳᠦ ᠵᠥᠪᠬᠡᠨ YCombinator ᠳᠦ ᠬᠦᠴᠦ ᠦᠵᠡᠬᠦ ᠪᠤᠰᠤ Blue Startups ᠬᠡᠮᠡᠬᠦ ᠬᠤᠷᠳᠤᠰᠬᠠᠭᠤᠷ ᠬᠥᠲᠥᠯᠪᠦᠷᠢ ᠳᠦ ᠲᠡᠩᠴᠡᠭᠰᠡᠨ ᠠᠩᠬᠠᠨ ᠤ ᠮᠣᠩᠭᠣᠯ ᠺᠣᠮᠫᠠᠨᠢ ᠪᠣᠯᠵᠤ ᠴᠢᠳᠠᠪᠠ᠃ ᠤᠭ ᠬᠥᠲᠥᠯᠪᠦᠷᠢ ᠳᠦ ᠵᠥᠪᠬᠡᠨ 8 ᠺᠣᠮᠫᠠᠨᠢ ᠬᠠᠮᠤᠷᠤᠭᠳᠠᠳᠠᠭ ᠪᠥᠭᠡᠳ ᠣᠯᠠᠨ ᠤᠯᠤᠰ ᠤᠨ 500 ᠭᠠᠷᠤᠭᠠᠨ ᠤ ᠪᠢᠽᠢᠨᠧᠰ ᠦᠳ ᠡᠴᠡ ᠰᠢᠭᠰᠢᠭᠳᠡᠵᠦ ᠲᠣᠳᠣᠷᠠᠳᠠᠭ ᠭᠡᠳᠡᠭ ᠢᠶᠡᠷ ᠢᠶᠡᠨ ᠣᠨᠴᠠᠯᠢᠭ ᠲᠠᠢ᠃ ᠮᠥᠨ ᠲᠡᠭᠦᠨ ᠦ ᠨᠢᠭᠡ ᠪᠡᠷ TomYo ᠰᠢᠯᠭᠠᠷᠠᠭᠰᠠᠨ ᠨᠢ ᠲᠣᠮᠣ ᠦᠢᠯᠡ ᠶᠠᠪᠤᠳᠠᠯ ᠲᠡᠳᠦᠢ ᠦᠭᠡᠢ ᠡᠨᠡ ᠨᠢ ᠮᠣᠩᠭᠣᠯ ᠲᠧᠭᠨᠣᠯᠣᠭᠢ ᠶᠢᠨ ᠺᠣᠮᠫᠠᠨᠢ ᠪᠠᠷᠠᠭᠤᠨ ᠤ ᠵᠠᠬ᠎ᠠ ᠵᠡᠭᠡᠯᠢ ᠳᠦ ᠨᠡᠪᠲᠡᠷᠡᠬᠦ ᠭᠠᠶᠢᠬᠠᠯᠲᠠᠢ ᠪᠣᠯᠤᠮᠵᠢ ᠶᠢ ᠣᠯᠭᠤᠵᠤ ᠪᠤᠢ ᠶᠤᠮ᠃ TomYo ᠨᠢ ᠠᠩᠬ᠎ᠠ 《ᠮᠣᠩᠭᠣᠯ ᠣᠶᠤᠨ ᠢ ᠳᠡᠯᠡᠬᠡᠢ ᠳᠦ ᠬᠦᠷᠭᠡᠨ᠎ᠡ》 ᠬᠡᠮᠡᠬᠦ ᠵᠣᠷᠢᠯᠭ᠎ᠠ ᠶᠢ ᠤᠷᠢᠳᠤ ᠪᠠᠨ ᠲᠠᠯᠪᠢᠵᠤ ᠡᠭᠦᠰᠬᠡᠨ ᠪᠠᠶᠢᠭᠤᠯᠤᠭᠳᠠᠭᠰᠠᠨ᠃ ᠣᠳᠣ ᠲᠡᠳᠡ ᠮᠣᠩᠭᠣᠯ ᠣᠶᠤᠨ ᠢᠶᠠᠷ ᠪᠦᠲᠦᠭᠰᠡᠨ ᠲᠧᠭᠨᠣᠯᠣᠭᠢ ᠪᠠᠷ ᠪᠥᠮᠪᠥᠷᠴᠡᠭ ᠦᠨ ᠬᠦᠮᠦᠨ ᠪᠦᠷᠢ ᠳᠦ ᠪᠣᠯᠪᠠᠰᠤᠷᠠᠯ ᠢ ᠬᠦᠷᠲᠡᠭᠡᠮᠵᠢᠲᠡᠢ ᠪᠣᠯᠭᠠᠬᠤ ᠶᠢᠨ ᠲᠦᠯᠦᠭᠡ ᠠᠵᠢᠯᠯᠠᠵᠤ ᠪᠠᠶᠢᠨ᠎ᠠ᠃