ᠤᠯᠤᠰ ᠤᠨ ᠲᠥᠰᠦᠪ ᠤᠨ 1.4 ᠲᠡᠷᠪᠤᠮ ᠲᠥᠭᠦᠷᠢᠭ ᠨᠤᠷᠠᠨ ᠤᠨᠠᠯ᠎ᠠ | News.MN

ᠤᠯᠤᠰ ᠤᠨ ᠲᠥᠰᠦᠪ ᠤᠨ 1.4 ᠲᠡᠷᠪᠤᠮ ᠲᠥᠭᠦᠷᠢᠭ ᠨᠤᠷᠠᠨ ᠤᠨᠠᠯ᠎ᠠ

ᠶᠡᠭᠡ ᠡᠵᠡᠨ ᠴᠢᠩᠭᠢᠰ ᠬᠠᠭᠠᠨ ᠤ ᠦᠨᠡᠡᠴᠢ ᠠᠨᠳᠠ ᠬᠦᠯᠦᠭ ᠵᠠᠩᠵᠤᠨ ᠪᠣᠭᠤᠷᠴᠢ ᠶᠢᠨ ᠥᠯᠥᠭᠡᠶ ᠨᠤᠳᠤᠬ ᠬᠡᠨᠲᠡᠢ ᠠᠶᠢᠮᠠᠭ ᠤᠨ ᠪᠠᠲᠤᠨᠤᠷᠪᠤ ᠰᠤᠮᠤᠨ ᠳᠤ︽ᠠᠨᠳᠠᠯᠠᠯ ᠤᠨ ᠥᠷᠭᠦᠭᠡ︾ᠴᠣᠭᠴᠠᠯᠠᠪᠤᠷᠢ ᠰᠦᠨᠳᠡᠷᠯᠡᠭᠡᠳ ᠤᠳᠠᠭ᠎ᠠ ᠦᠭᠡᠢ ᠪᠠᠶᠢᠭ᠎ᠠ ᠪᠢᠯᠡ᠃ 18 ᠮᠧᠲᠷ ᠪᠤᠶᠤ ᠵᠢᠷᠭᠤᠭᠠᠨ ᠳᠠᠪᠬᠤᠷ ᠪᠠᠶᠢᠰᠢᠩ ᠤᠨ ᠥᠨᠳᠥᠷ ᠲᠠᠢ ᠲᠡᠩᠴᠡᠬᠦ  ᠲᠤᠰ ᠣᠷᠳᠣᠨ ᠢ ᠬᠤᠶᠠᠷ ᠵᠢᠯ ᠤᠨ ᠲᠤᠷᠰᠢ ᠪᠠᠷᠢᠵᠤ ᠳᠠᠭᠤᠰᠤᠭᠰᠠᠨ ᠪᠥᠭᠡᠳ ᠤᠯᠤᠰ ᠤᠨ ᠺᠣᠮᠢᠰ ᠨᠢ ᠴᠤ ᠪᠠᠷᠢᠯᠭ᠎ᠠ ᠶᠢ ᠰᠠᠭᠠᠳ ᠦᠭᠡᠢ ᠪᠠᠷ ᠬᠦᠯᠢᠶᠡᠨ ᠠᠪᠤᠭᠰᠠᠨ ᠨᠢ ᠰᠠᠶ᠋ᠢᠬᠠᠨ᠃

ᠬᠠᠷᠠᠮᠰᠠᠯ ᠲᠠᠢ ᠨᠢ ᠬᠥᠰᠢᠶᠡᠲᠦ ᠴᠣᠭᠴᠠᠯᠠᠪᠤᠷᠢ ᠶᠢ ᠥᠴᠥᠭᠡᠳᠦᠷ ᠠᠴᠠ ᠨᠤᠷᠠᠭᠠᠵᠤ ᠪᠠᠭᠤᠯᠭᠠᠵᠤ ᠡᠬᠢᠯᠡᠭᠰᠡᠨ ᠪᠠᠶᠢᠨ᠎ᠡ᠃ ᠤᠴᠢᠷ ᠨᠢ ᠤᠷᠠᠯᠢᠭ ᠤᠨ ᠭᠠᠪᠢᠶᠠᠲᠤ ᠵᠢᠳᠬᠦᠯᠲᠡᠨ᠂ ᠵᠢᠷᠤᠭᠠᠴᠢ ᠳ᠋᠊ · ᠡᠷᠳᠡᠨᠢᠪᠠᠲᠤ ᠠᠭᠰᠠᠨ ᠤ ᠪᠦᠲᠦᠭᠡᠯ  ᠡᠨᠡ ᠬᠦ ᠣᠶᠤᠨ ᠤ ᠥᠮᠴᠢ ᠶᠢ ᠶᠠᠩᠵᠤ ᠪᠦᠷᠢ ᠪᠠᠷ ᠱᠣᠭᠯᠠᠵᠤ᠂ ᠰᠢᠭᠦᠮᠵᠢᠯᠡᠵᠦ ᠪᠠᠢᠭ᠎ᠠ ᠳᠤ ᠲᠡᠭᠦᠨ ᠤ ᠭᠡᠷ ᠪᠦᠯᠢ ᠶᠢᠨ ᠬᠢᠨ ᠡᠮᠵᠡᠭᠯᠡᠵᠦ᠂ ᠬᠥᠰᠢᠶ᠎ᠡ ᠶᠢ ᠴᠠᠭᠠᠰᠢ ᠨᠢ ᠦᠷᠭᠦᠯᠵᠢᠯᠡᠭᠦᠯᠦᠨ ᠪᠡᠷᠢᠬᠤ᠂ ᠣᠶᠤᠨ ᠤ ᠥᠮᠴᠢ ᠶᠢ ᠨᠢ ᠠᠰᠢᠭᠯᠠᠭᠤᠯᠬᠤ ᠦᠭᠡᠢ ᠬᠡᠮᠡᠨ ᠮᠡᠳᠡᠭᠳᠡᠭᠰᠡᠨ᠃ ᠤᠯᠠᠮ ᠢᠶᠠᠷ ᠭᠦᠢᠴᠡᠳᠬᠡᠭᠴᠢ ᠻᠣᠮᠫᠠᠨᠢ ᠤᠯᠤᠰ ᠤᠨ ᠲᠥᠰᠦᠪ ᠲᠤ ᠮᠥᠩᠭᠦ ᠶᠢ ᠨᠢ ᠦᠶ᠎ᠡ ᠱᠠᠲᠤ ᠲᠠᠢ ᠪᠠᠷ ᠪᠤᠴᠠᠭᠠᠨ ᠲᠥᠯᠥᠬᠦ ᠲᠤᠬᠠᠶ ᠮᠡᠳᠡᠭᠡᠯᠡᠯ ᠴᠤ ᠭᠠᠷᠤᠭᠠᠳ ᠪᠤᠶ᠃

ᠰᠡᠳᠬᠢᠭᠳᠡᠯ ᠦᠯᠡᠳᠡᠭᠡᠬᠦ