︽ᠴᠡᠷᠢᠭ ᠤᠨ ᠷᠠᠯᠯᠢ - 2021︾ ᠠᠴᠠ ᠭᠤᠷᠪᠠᠨ ᠮᠧᠳᠠᠯ ᠬᠦᠷᠲᠡᠭᠡᠳ ᠪᠠᠶᠢᠨ᠎ᠡ | News.MN

︽ᠴᠡᠷᠢᠭ ᠤᠨ ᠷᠠᠯᠯᠢ – 2021︾ ᠠᠴᠠ ᠭᠤᠷᠪᠠᠨ ᠮᠧᠳᠠᠯ ᠬᠦᠷᠲᠡᠭᠡᠳ ᠪᠠᠶᠢᠨ᠎ᠡ

ᠣᠷᠣᠰ  ᠤᠨ ᠪᠠᠲᠤᠯᠠᠨ ᠬᠠᠮᠡᠭᠠᠯᠡᠬᠤ ᠶᠠᠮᠤᠨ ᠠᠴᠠ ᠲᠤᠸᠠ ᠤᠯᠤᠰ  ᠲᠤ ᠵᠣᠬᠢᠶᠠᠨ ᠪᠠᠶᠢᠭᠤᠯᠵᠤ ᠪᠤᠶ ︽ᠴᠡᠷᠢᠭ ᠤᠨ ᠷᠠᠯᠯᠢ – 2021︾ᠣᠯᠠᠨ ᠤᠯᠤᠰ ᠤᠨ ᠲᠡᠮᠡᠴᠡᠭᠡᠨ ᠳᠤ ᠮᠣᠩᠭᠤᠯ ᠤᠯᠤᠰ ᠤᠨ ᠵᠡᠪᠰᠡᠭᠲᠦ ᠬᠦᠴᠦᠨ ᠤ ᠲᠠᠮᠢᠷᠴᠢᠳ ᠠᠩᠬ᠎ᠠ ᠤᠳᠠᠭ᠎ᠠ ᠪᠠᠨ ᠣᠷᠣᠯᠴᠠᠵᠤ ᠪᠠᠶᠢᠨ᠎ᠡ᠃

ᠡᠨᠡ ᠰᠠᠷ᠎ᠠ ᠶᠢᠨ 23 ᠳᠤ ᠨᠢᠭᠡᠳᠦᠭᠡᠷ ᠱᠠᠲᠤᠨ ᠤ︽ ᠦᠷᠡᠯ4 * 4︾ᠠᠩᠭᠢᠯᠠᠯ ᠳᠤ ᠴᠢᠭᠯᠡᠭᠦᠯᠦᠭᠴᠢ᠂ ᠠᠬᠠᠯᠠᠬᠤ ᠲᠡᠰᠯᠡᠭᠴᠢ ᠪ ∙ ᠠᠷᠢᠭᠤᠨᠪᠠᠭᠠᠲᠤᠷ᠂ ᠵᠢᠯᠤᠭᠤᠴᠢ᠂ ᠰᠤᠷᠭᠠᠭᠴᠢ ᠠᠬᠠᠯᠠᠭᠴᠢ ᠬ᠊·ᠰᠢᠷᠡᠮᠦᠨᠬᠤᠪᠤᠩ ᠨᠠᠷ ᠬᠦᠷᠡᠯ ᠮᠧᠳᠠᠯ ᠬᠦᠷᠲᠡᠵᠦ᠂︽ ᠺᠠᠮᠠᠽ 4 * 4︾ᠠᠩᠭᠢᠯᠠᠯ ᠳᠤ ᠴᠢᠭᠯᠡᠭᠦᠯᠦᠭᠴᠢ᠂ ᠲᠡᠰᠯᠡᠭᠴᠢ ᠮ᠊∙ᠰᠢᠷᠦᠪᠨᠤᠷᠪᠤ᠂ ᠵᠢᠯᠤᠭᠤᠴᠢ᠂ ᠠᠬᠠᠮᠡᠦᠠ ᠫ᠊·ᠭᠠᠩᠬᠤᠶᠠᠭ ᠨᠠᠷ ᠲᠠᠪᠤᠳᠤᠭᠠᠷ ᠪᠠᠶᠢᠷᠢ ᠡᠵᠡᠯᠡᠵᠡᠢ᠃ ᠮᠦᠠ ︽ ᠦᠷᠡᠯ 6 * 6︾ᠠᠩᠭᠢᠯᠠᠯ ᠳᠤ ᠴᠢᠭᠯᠡᠭᠦᠯᠦᠭᠴᠢ᠂ ᠠᠬᠠᠯᠠᠬᠤ ᠲᠡᠰᠯᠡᠭᠴᠢ ᠪ ∙ᠮᠦᠩᠭᠦᠨᠬᠤᠶᠠᠭ᠂ ᠵᠢᠯᠤᠭᠤᠴᠢ᠂ ᠠᠬᠠᠯᠠᠬᠤ ᠠᠬᠠᠯᠠᠭᠴᠢ ᠪ∙ ᠠᠯᠲᠠᠨᠬᠤᠶᠠᠭ︽ᠺᠠᠮᠠᠽ 6 * 6︾ᠠᠩᠭᠢᠯᠠᠯ ᠳᠤ ᠴᠢᠭᠯᠡᠭᠦᠯᠦᠭᠴᠢ᠂ ᠲᠡᠰᠯᠡᠭᠴᠢ ᠳ᠋᠊ · ᠪᠢᠮᠪᠠᠪᠠᠶᠠᠷ ᠵᠢᠯᠤᠭᠤᠴᠢ᠂ ᠠᠬᠠᠯᠠᠬᠤ ᠠᠬᠠᠯᠠᠭᠴᠢ ᠰ᠊ ·ᠠᠮᠤᠷ ᠲᠥᠪᠰᠢᠨ ᠨᠠᠷ ᠳᠥᠷᠪᠡᠳᠦᠭᠡᠷ ᠪᠠᠶᠢᠷᠢ ᠡᠵᠡᠯᠡᠭᠰᠡᠨ ᠪᠠᠶᠢᠨ᠎ᠡ᠃
ᠬᠤᠶᠠᠳᠤᠭᠠᠷ ᠱᠠᠲᠤᠨ ᠤ ᠤᠷᠤᠯᠳᠤᠭᠠᠨ ᠨᠢ ᠥᠴᠥᠭᠡᠳᠦᠷ᠂ ᠭᠤᠷᠪᠠᠳᠤᠭᠠᠷ ᠱᠠᠲᠤ ᠥᠨᠥᠳᠥᠷ ᠪᠣᠯᠵᠤ ᠪᠠᠶᠢᠭ᠎ᠠ ᠪᠥᠭᠡᠳ ᠡᠨᠡ ᠰᠠᠷ᠎ᠠ ᠶᠢᠨ 27 ᠳᠦ ᠲᠡᠮᠡᠴᠡᠭᠡᠨ ᠤ ᠳᠥᠷᠪᠡᠳᠦᠭᠡᠷ ᠱᠠᠲᠤ ᠪᠤᠶᠤ ᠪᠠᠭ ᠤᠨ ᠤᠷᠤᠯᠳᠤᠭᠠᠨ ᠳᠤ ᠮᠠᠨ ᠤ ᠪᠠᠭ ᠲᠠᠮᠢᠷᠴᠢᠳ ᠦᠷᠢᠰᠦᠯᠳᠦᠬᠦ ᠶᠤᠮ᠃

ᠰᠡᠳᠬᠢᠭᠳᠡᠯ ᠦᠯᠡᠳᠡᠭᠡᠬᠦ