ᠨᠡᠭᠦᠷᠡᠰᠦᠨ ᠦ ᠲᠡᠭᠡᠭᠡᠪᠦᠷᠢ ᠶᠢ 14 ᠬᠣᠨᠣᠭ ᠵᠣᠭᠰᠣᠭᠠᠨ᠎ᠠ | News.MN

ᠨᠡᠭᠦᠷᠡᠰᠦᠨ ᠦ ᠲᠡᠭᠡᠭᠡᠪᠦᠷᠢ ᠶᠢ 14 ᠬᠣᠨᠣᠭ ᠵᠣᠭᠰᠣᠭᠠᠨ᠎ᠠ

ᠮᠣᠩᠭᠣᠯ ᠤᠯᠤᠰ ᠲᠤ ᠲᠠᠬᠤᠯ ᠤᠨ ᠬᠠᠯᠳᠠᠪᠤᠷᠢ ᠡᠷᠴᠢᠮ ᠲᠡᠢ ᠨᠡᠮᠡᠭᠳᠡᠵᠦ ᠪᠠᠶᠢᠭ᠎ᠠ ᠲᠠᠢ ᠬᠣᠯᠪᠣᠭ᠎ᠠ ᠲᠠᠢ ᠪᠠᠷ ᠬᠢᠲᠠᠳ  ᠤᠨ ᠲᠠᠯ᠎ᠠ  ᠭᠠᠰᠢᠭᠤᠨᠰᠤᠬᠠᠢᠲᠤ – ᠭᠠᠭᠴᠠ ᠮᠤᠳᠤ ᠪᠣᠭᠣᠮᠲᠠ ᠪᠠᠷ ᠨᠡᠪᠲᠡᠷᠡᠬᠦ ᠨᠡᠭᠦᠷᠡᠰᠦᠨ ᠦ ᠲᠡᠭᠡᠭᠡᠪᠦᠷᠢ ᠶᠢ ᠨᠠᠢ᠌ᠮᠠᠳᠤᠭᠠᠷ ᠰᠠᠷ᠎ᠠ ᠶᠢᠨ 23 ᠤ ᠡᠳᠦᠷ ᠡᠴᠡ ᠡᠬᠢᠯᠡᠨ ᠬᠣᠶᠠᠷ ᠳᠣᠯᠣᠭ᠎ᠠ ᠬᠣᠨᠣᠭ ᠤᠨ ᠲᠤᠷᠰᠢ ᠵᠣᠭᠰᠣᠭᠠᠬᠤ ᠪᠠᠷ ᠪᠣᠯᠤᠭᠰᠠᠨ ᠢ ᠡᠬᠢ ᠰᠤᠷᠪᠤᠯᠵᠢ ᠮᠡᠳᠡᠭᠡᠯᠡᠵᠦ ᠪᠠᠶᠢᠨ᠎ᠠ᠃

ᠡᠮᠦᠨ᠎ᠡ ᠨᠢ ᠵᠢᠷᠭᠤᠳᠤᠭᠠᠷ ᠰᠠᠷ᠎ᠠ ᠶᠢᠨ 24 ᠍ ᠦ ᠡᠳᠦᠷ ᠡᠴᠡ ᠳᠤᠯᠤᠳᠤᠭᠠᠷ ᠰᠠᠷ᠎ᠠ ᠶᠢᠨ 20 ᠬᠦᠷᠲᠡᠯ᠎ᠡ ᠴᠠᠭᠠᠨᠬᠠᠳᠠ ᠰᠠᠭᠤᠷᠢᠰᠢᠯ ᠤᠨ ᠪᠥᠰᠡ ᠳᠦ ᠲᠡᠭ ᠵᠣᠭᠰᠣᠯᠲᠠ ᠬᠢᠵᠦ᠂ ᠡᠺᠰᠫᠣᠷᠲ ᠢ ᠵᠣᠭᠰᠣᠭᠠᠵᠤ ᠪᠠᠶᠢᠪᠠ᠃ ᠡᠭᠦᠨ ᠦ ᠳᠠᠷᠠᠭ᠎ᠠ ᠨᠠᠢ᠌ᠮᠠᠳᠤᠭᠠᠷ ᠰᠠᠷ᠎ᠠ ᠶᠢᠨ ᠬᠣᠶᠠᠷᠠᠨ ᠳᠤ ᠡᠮᠦᠨᠡᠭᠣᠪᠢ ᠠᠶᠢᠮᠠᠭ ᠤᠨ ᠣᠨᠴᠠᠭᠠᠢ ᠺᠣᠮᠢᠰ ᠠᠴᠠ ᠴᠠᠭᠠᠨᠬᠠᠳᠠ ᠰᠠᠭᠤᠷᠢᠰᠢᠯ ᠤᠨ ᠪᠥᠰᠡ ᠶᠢ ᠬᠠᠯᠳᠠᠪᠤᠷᠢ ᠦᠭᠡᠢ ᠪᠥᠰᠡ ᠬᠡᠮᠡᠨ ᠵᠠᠷᠯᠠᠭᠰᠠᠨ ᠶᠤᠮ᠃ ᠬᠡᠳᠦᠢ ᠲᠡᠶᠢᠮᠦ ᠪᠣᠯᠪᠠᠴᠤ ᠬᠢᠲᠠᠳ ᠤᠨ ᠲᠠᠯ᠎ᠠ ᠬᠢᠯᠢ ᠪᠡᠨ ᠬᠠᠭᠠᠭᠰᠠᠨ ᠭᠡᠳᠡᠭ ᠢ ᠳᠣᠲᠣᠭᠠᠳᠤ ᠡᠬᠢ ᠰᠤᠷᠪᠤᠯᠵᠢ ᠮᠡᠳᠡᠭᠡᠯᠡᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ