ᠪᠠᠩᠬᠢ ᠨᠤᠭᠤᠳ ᠨᠡᠭᠡᠭᠡᠯᠲᠡ ᠲᠡᠢ ᠬᠤᠪᠢᠴᠠᠭᠠᠲᠤ ᠺᠣᠮᠫᠠᠨᠢ ᠪᠣᠯᠬᠤ ᠠᠵᠢᠯ ᠢᠶᠠᠨ ᠡᠬᠢᠯᠡᠭᠦᠯᠵᠡᠢ | News.MN

ᠪᠠᠩᠬᠢ ᠨᠤᠭᠤᠳ ᠨᠡᠭᠡᠭᠡᠯᠲᠡ ᠲᠡᠢ ᠬᠤᠪᠢᠴᠠᠭᠠᠲᠤ ᠺᠣᠮᠫᠠᠨᠢ ᠪᠣᠯᠬᠤ ᠠᠵᠢᠯ ᠢᠶᠠᠨ ᠡᠬᠢᠯᠡᠭᠦᠯᠵᠡᠢ

ᠮᠠᠨ ᠤ ᠤᠯᠤᠰ ᠲᠤ ᠠᠷᠠᠯᠵᠢᠶᠠᠨ ᠤ ᠪᠠᠩᠬᠢ ᠨᠤᠭᠤᠳ ᠬᠤᠪᠢᠴᠠᠭᠠᠲᠤ ᠺᠣᠮᠫᠠᠨᠢ ᠪᠣᠯᠬᠤ ᠦᠢᠯᠡ ᠠᠵᠢᠯᠯᠠᠭ᠎ᠠ ᠶᠠᠪᠤᠭᠳᠠᠵᠤ ᠪᠠᠶᠢᠨ᠎ᠠ᠃ ᠲᠣᠳᠣᠷᠠᠭᠤᠯᠪᠠᠯ᠂  ᠰᠢᠨᠡᠴᠢᠯᠡᠨ ᠪᠠᠲᠤᠯᠠᠭᠰᠠᠨ︽ᠪᠠᠩᠬᠢᠨ ᠤ ᠲᠤᠬᠠᠢ︾ᠬᠠᠤᠯᠢ ᠪᠣᠯᠤᠨ ᠮᠣᠩᠭᠣᠯ ᠪᠠᠩᠭᠢᠨ ᠤ ᠶᠡᠷᠦᠩᠬᠡᠶᠢᠯᠡᠭᠴᠢ᠂ ᠰᠠᠩᠬᠦᠦ ᠶᠢᠨ ᠵᠤᠬᠢᠴᠠᠭᠤᠯᠬᠤ ᠬᠤᠷᠢᠶᠠᠨ᠍ ᠤ ᠳᠠᠷᠤᠭ᠎ᠠ ᠶᠢᠨ ᠬᠠᠮᠲᠤᠷᠠᠭᠰᠠᠨ ᠲᠤᠰᠢᠶᠠᠯ ᠢᠶᠠᠷ ᠪᠠᠲᠤᠯᠠᠭᠰᠠᠨ 《ᠪᠠᠩᠬᠢ ᠶᠢ ᠬᠤᠪᠢᠴᠠᠭᠠᠲᠤ ᠺᠣᠮᠫᠠᠨᠢ ᠬᠡᠯᠪᠡᠷᠢ ᠲᠡᠢ ᠪᠡᠷ ᠥᠭᠡᠷᠡᠴᠢᠯᠡᠨ ᠪᠠᠶᠢᠭᠤᠯᠬᠤ᠂ ᠬᠤᠪᠢᠴᠠᠭ᠎ᠠ ᠡᠵᠡᠮᠰᠢᠭᠴᠢᠳ ᠦᠨ ᠪᠦᠲᠦᠴᠡ᠂ ᠬᠤᠪᠢ ᠨᠡᠶᠢᠯᠡᠭᠦᠯᠦᠭᠰᠡᠨ ᠬᠥᠷᠥᠩᠭᠡ ᠶᠢᠨ ᠬᠡᠮᠵᠢᠶ᠎ᠡ ᠶᠢ ᠥᠭᠡᠷᠡᠴᠢᠯᠡᠬᠦ᠂ ᠲᠥᠯᠥᠪᠯᠡᠭᠡ ᠬᠦᠷᠭᠡᠭᠦᠯᠬᠦ᠂ ᠲᠠᠶᠢᠯᠤᠩᠨᠠᠬᠤ᠂ ᠬᠢᠨᠠᠬᠤ ᠵᠢᠷᠤᠮ》 ᠳᠦ ᠵᠢᠭᠠᠭᠰᠠᠨ ᠢᠶᠠᠷ ᠪᠠᠩᠬᠢ ᠨᠤᠭᠤᠳ ᠡᠨᠡ ᠣᠨ ᠤ 7 ᠳ᠋ᠤᠭᠠᠷ ᠰᠠᠷ᠎ᠠ ᠶᠢᠨ 1  ᠤ ᠳᠣᠲᠣᠷ᠎ᠠ ᠮᠣᠩᠭᠣᠯ ᠪᠠᠩᠬᠢ ᠪᠣᠯᠤᠨ ᠰᠠᠩᠬᠦᠦ ᠶᠢᠨ ᠵᠤᠬᠢᠴᠠᠭᠤᠯᠬᠤ ᠬᠤᠷᠢᠶ᠎ᠠ ᠳᠦ ᠲᠥᠯᠥᠪᠯᠡᠭᠡ ᠪᠡᠨ ᠬᠦᠷᠭᠡᠭᠦᠯᠵᠦ᠂ ᠬᠢᠨᠠᠭᠤᠯᠬᠤ ᠡᠭᠦᠷᠭᠡ ᠲᠡᠢ᠃
ᠡᠨᠡ ᠡᠭᠦᠷᠭᠡ ᠶᠢᠨ ᠳᠠᠭᠠᠤ︽ᠬᠠᠭᠠᠨ︾ᠪᠠᠩᠬᠢ ᠶᠢ ᠨᠡᠭᠡᠭᠡᠯᠲᠡ ᠲᠡᠢ ᠬᠤᠪᠢᠴᠠᠭᠠᠲᠤ ᠺᠣᠮᠫᠠᠨᠢ ᠪᠣᠯᠭᠠᠨ ᠥᠭᠡᠷᠡᠴᠢᠯᠡᠬᠦ ᠲᠥᠯᠥᠪᠯᠡᠭᠡ ᠶᠢ ᠮᠣᠩᠭᠣᠯ ᠪᠠᠩᠬᠢ᠂  ᠰᠠᠩᠬᠦᠦ ᠶᠢᠨ ᠵᠤᠬᠢᠴᠠᠭᠤᠯᠬᠤ ᠬᠤᠷᠢᠶ᠎ᠠ ᠳᠦ ᠬᠦᠯᠢᠶᠡᠯᠭᠡᠨ ᠥᠭᠭᠦᠭᠡᠳ ᠪᠠᠶᠢᠨ᠎ᠠ᠃ ᠮᠥᠨ︽ᠭᠣᠯᠣᠮᠲᠠ︾ᠪᠠᠩᠬᠢᠨ ᠤ ᠨᠡᠭᠡᠭᠡᠯᠲᠡ ᠲᠡᠢ ᠺᠤᠮᠫᠠᠨᠢ ᠪᠣᠯᠬᠤ ᠲᠥᠯᠥᠪᠯᠡᠭᠡ ᠶᠢ ᠪᠠᠲᠤᠯᠠᠭᠠᠵᠢᠭᠤᠯᠤᠯ᠎ᠠ᠃ ᠡᠭᠦᠨ ᠡᠴᠡ ᠭᠠᠳᠠᠨ᠎ᠠ︽ᠬᠠᠰ︾ᠪᠠᠩᠬᠢ ᠬᠤᠪᠢᠴᠠᠭ᠎ᠠ ᠪᠠᠨ ᠣᠯᠠᠨ ᠨᠡᠶᠢᠲᠡ ᠳᠦ ᠨᠡᠭᠡᠭᠡᠯᠲᠡ ᠲᠡᠢ ᠰᠠᠨᠠᠯ ᠪᠣᠯᠭᠠᠬᠤ ᠠᠵᠢᠯ ᠢᠶᠠᠨ ᠡᠬᠢᠯᠡᠭᠦᠯᠬᠦ ᠳᠦ ᠪᠡᠯᠡᠨ ᠪᠣᠯᠵᠠᠢ᠃

ᠰᠡᠳᠬᠢᠭᠳᠡᠯ ᠦᠯᠡᠳᠡᠭᠡᠬᠦ