ᠮᠣᠩᠭᠣᠯ᠂ ᠰᠯᠣᠸᠧᠨᠢ ᠬᠣᠭᠣᠷᠣᠨᠳᠣ ᠠᠴᠢᠶ᠎ᠠ ᠲᠡᠭᠡᠭᠡᠪᠦᠷᠢᠯᠡᠯᠲᠡ ᠬᠢᠬᠦ ᠬᠡᠯᠡᠯᠴᠡᠭᠡᠷ ᠢ ᠪᠠᠲᠤᠯᠠᠵᠠᠢ | News.MN

ᠮᠣᠩᠭᠣᠯ᠂ ᠰᠯᠣᠸᠧᠨᠢ ᠬᠣᠭᠣᠷᠣᠨᠳᠣ ᠠᠴᠢᠶ᠎ᠠ ᠲᠡᠭᠡᠭᠡᠪᠦᠷᠢᠯᠡᠯᠲᠡ ᠬᠢᠬᠦ ᠬᠡᠯᠡᠯᠴᠡᠭᠡᠷ ᠢ ᠪᠠᠲᠤᠯᠠᠵᠠᠢ

《ᠠᠦ᠋ᠲ᠋ᠣ᠋ ᠵᠠᠮ ᠢᠶᠠᠷ ᠣᠯᠠᠨ ᠤᠯᠤᠰ ᠤᠨ ᠵᠣᠷᠴᠢᠭᠴᠢ ᠪᠣᠯᠤᠨ ᠠᠴᠢᠶ᠎ᠠ ᠲᠡᠭᠡᠭᠡᠪᠦᠷᠢᠯᠡᠬᠦ ᠲᠤᠬᠠᠢ ᠮᠣᠩᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠶᠢᠷᠠᠮᠳᠠᠬᠤ ᠰᠯᠣᠸᠧᠨᠢ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠬᠡᠯᠡᠯᠴᠡᠭᠡᠷ》 ᠲᠤ ᠡᠯᠴᠢᠨ ᠰᠠᠶᠢᠳ ᠭ ∙ ᠪᠠᠲᠤᠲᠤᠩᠭᠠᠯᠠᠭ᠂ ᠰᠯᠣᠸᠧᠨᠢ ᠤᠯᠤᠰ ᠤᠨ ᠭᠠᠳᠠᠭᠠᠳᠤ ᠬᠡᠷᠡᠭ ᠦᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠰᠲ᠋ᠠᠨᠢᠰᠯᠠᠪ ᠷᠠᠱᠴᠠᠨ ᠨᠠᠷ ᠨᠠᠢ᠌ᠮᠠᠳᠤᠭᠠᠷ ᠰᠠᠷ᠎ᠠ ᠶᠢᠨ 18  ᠳᠤ ᠭᠠᠷ ᠤᠨ ᠦᠰᠦᠭ ᠵᠢᠷᠤᠪᠠ᠃
ᠳᠡᠭᠡᠷᠡᠬᠢ ᠬᠡᠯᠡᠯᠴᠡᠭᠡᠷ ᠢ ᠪᠠᠶᠢᠭᠤᠯᠤᠭᠰᠠᠨ ᠢᠶᠠᠷ ᠤᠯᠤᠰ ᠬᠣᠭᠣᠷᠣᠨᠳᠣ ᠶᠢᠨ ᠲᠡᠭᠡᠭᠡᠪᠦᠷᠢᠯᠡᠯᠲᠡ ᠶᠢᠨ ᠲᠥᠷᠥᠯ ᠥᠷᠭᠡᠵᠢᠵᠦ᠂ ᠮᠣᠩᠭᠣᠯ᠂ ᠰᠯᠣᠸᠧᠨᠢ ᠬᠣᠭᠣᠷᠣᠨᠳᠣ ᠰᠢᠭᠤᠳ ᠲᠡᠭᠡᠭᠡᠪᠦᠷᠢᠯᠡᠯᠲᠡ ᠬᠢᠭᠳᠡᠵᠦ᠂ ᠬᠤᠳᠠᠯᠳᠤᠭᠠᠨ ᠤ ᠡᠷᠭᠢᠯᠲᠡ ᠡᠷᠴᠢᠮ ᠲᠡᠢ ᠥᠰᠬᠦ ᠪᠣᠯᠤᠮᠵᠢ ᠪᠥᠷᠢᠳᠴᠦ ᠪᠠᠶᠢᠨ᠎ᠠ᠃ ᠮᠣᠩᠭᠣᠯ᠂ ᠰᠯᠣᠸᠸᠨ ᠦ ᠬᠤᠳᠠᠯᠳᠤᠭᠠᠨ ᠤ ᠡᠷᠭᠢᠯᠲᠡ 2020 ᠣᠨ ᠳᠤ 14.6 ᠰᠠᠶ᠎ᠠ ᠳ᠋ᠣᠯᠯᠠᠷ ᠲᠤ ᠬᠦᠷᠦᠭᠰᠡᠨ᠃

ᠰᠡᠳᠬᠢᠭᠳᠡᠯ ᠦᠯᠡᠳᠡᠭᠡᠬᠦ