ᠴ ∙ ᠤᠳᠬᠤᠨᠴᠢᠯᠠᠭᠤ᠄ ᠶᠡᠷᠦᠩᠬᠡᠢ ᠰᠠᠶᠢᠳ ᠲᠤ ᠬᠦᠰᠡᠯᠲᠡ ᠬᠦᠷᠭᠡᠭᠦᠯᠵᠦ ᠪᠠᠶᠢᠨ᠎ᠠ | News.MN

ᠴ ∙ ᠤᠳᠬᠤᠨᠴᠢᠯᠠᠭᠤ᠄ ᠶᠡᠷᠦᠩᠬᠡᠢ ᠰᠠᠶᠢᠳ ᠲᠤ ᠬᠦᠰᠡᠯᠲᠡ ᠬᠦᠷᠭᠡᠭᠦᠯᠵᠦ ᠪᠠᠶᠢᠨ᠎ᠠ

ᠠᠷᠠᠳᠴᠢᠯᠠᠭᠰᠠᠨ ᠨᠠᠮ  ᠴᠠᠭ ᠦᠶ᠎ᠡ ᠶᠢᠨ ᠠᠰᠠᠭᠤᠳᠠᠯ ᠢᠶᠠᠷ ᠥᠨᠥᠳᠥᠷ ᠮᠡᠳᠡᠭᠡᠯᠡᠯ ᠬᠢᠯ᠎ᠡ᠃ ᠠᠷᠠᠳᠴᠢᠯᠠᠭᠰᠠᠨ ᠨᠠᠮ ᠤᠨ ᠳᠡᠳ᠋ ᠳᠠᠷᠤᠭ᠎ᠠ ᠴ ∙ ᠤᠳᠬᠤᠨᠴᠢᠯᠠᠭᠤ᠄ ᠡᠷᠬᠡ ᠪᠠᠷᠢᠭᠴᠢ ᠨᠠᠮ ᠤᠨ ᠳᠠᠷᠤᠭ᠎ᠠ ᠯ ∙ᠤᠶᠤᠡᠡᠷᠳᠡᠨᠢ ᠵᠠᠰᠠᠭ ᠤᠨ ᠭᠠᠵᠠᠷ ᠤᠨ 200 ᠬᠣᠨᠣᠭ ᠤᠨ ᠠᠵᠢᠯ ᠤᠨ  ᠲᠠᠢᠯᠤᠨ ᠢᠶᠠᠨ ᠲᠠᠨᠢᠯᠴᠠᠭᠤᠯᠤᠭᠰᠠᠨ᠃ ᠡᠭᠦᠨ ᠡᠴᠡ ᠨᠢᠭᠡ ᠵᠦᠢᠯ ᠢ ᠬᠠᠲᠠᠭᠤ ᠣᠶᠢᠯᠠᠭᠠᠯ᠎ᠠ᠃ ᠲᠠᠬᠤᠯ ᠦᠭᠡᠢ ᠵᠤᠨ᠂ ᠡᠪᠦᠯ᠂ ᠨᠠᠮᠤᠷ ᠭᠡᠵᠦ ᠪᠠᠶᠢᠬᠤ ᠦᠭᠡᠢ ᠶᠤᠮ ᠪᠠᠶᠢᠨ᠎ᠠ᠃ ᠵᠠᠰᠠᠭ ᠤᠨ ᠭᠠᠵᠠᠷ ᠦᠨᠡᠨ ᠲᠡᠢ ᠡᠪᠯᠡᠷᠡᠵᠦ ᠪᠠᠢᠭ᠎ᠠ ᠳᠤ ᠨᠢᠭᠡ ᠲᠠᠯ᠎ᠠ ᠪᠠᠷ ᠪᠠᠶᠠᠷᠲᠠᠢ ᠪᠠᠶᠢᠨ᠎ᠠ᠃ ᠵᠠᠰᠠᠭ ᠤᠨ ᠭᠠᠵᠠᠷ ᠡᠳ᠋ ᠦᠨ ᠵᠠᠰᠠᠭ ᠢᠶᠠᠨ ᠪᠠᠲᠤᠯᠠᠭᠠᠵᠢᠭᠤᠯᠬᠤ᠂ ᠢᠷᠭᠡᠳ ᠦᠨ ᠴᠠᠯᠢᠩ ᠢ ᠶᠠᠭᠠᠬᠢᠵᠤ ᠥᠰᠬᠡᠬᠦ ᠲᠠᠯ᠎ᠠ ᠪᠠᠷ ᠶᠠᠭᠤ ᠬᠢᠬᠦ ᠭᠡᠵᠦ ᠪᠠᠶᠢᠭ᠎ᠠ ᠨᠢ ᠲᠣᠳᠣᠷᠬᠠᠢ ᠦᠭᠡᠢ ᠪᠠᠶᠢᠨ᠎ᠠ᠃
ᠪᠢᠳᠡ ᠪᠦᠭᠦᠳᠡ ᠴᠠᠯᠢᠩ ᠠᠴᠠ ᠪᠠᠨ ᠲᠠᠲᠠᠪᠤᠷᠢ ᠲᠥᠯᠦᠳᠡᠭ᠃ ᠡᠨᠡ ᠲᠠᠲᠠᠪᠤᠷᠢ ᠪᠠᠷ ᠰᠠᠩᠬᠦᠦᠵᠢᠳᠡᠭ ᠲᠥᠷᠥ ᠶᠢᠨ ᠪᠠᠶᠢᠭᠤᠯᠤᠯᠭ᠎ᠠ ᠨᠤᠭᠤᠳ ᠪᠠᠭᠠᠳᠠᠭ᠎ᠠ ᠦᠭᠡᠢ᠃ ᠭᠡᠲᠡᠯ᠎ᠡ ᠮᠠᠰᠢ ᠣᠯᠠᠨ ᠠᠯᠪᠠ ᠶᠢ ᠰᠢᠨ᠎ᠡ ᠪᠡᠷ ᠪᠠᠶᠢᠭᠤᠯᠬᠤ ᠶᠤᠮ ᠪᠠᠶᠢᠨ᠎ᠠ᠃  ᠠᠷᠠᠳᠴᠢᠯᠠᠭᠰᠠᠨ ᠶᠡᠷᠦᠩᠬᠡᠢ ᠰᠠᠶᠢᠳ ᠲᠤ ᠬᠦᠨᠳᠦ ᠦᠶ᠎ᠡ ᠶᠢ ᠬᠡᠷᠬᠢᠨ ᠳᠠᠪᠠᠬᠤ ᠲᠠᠯ᠎ᠠ ᠪᠠᠷ ᠰᠠᠨᠠᠯ ᠰᠤᠯᠢᠯᠴᠠᠬᠤ ᠬᠦᠰᠡᠯᠲᠡ ᠪᠡᠨ ᠬᠦᠷᠭᠡᠭᠦᠯᠵᠦ ᠪᠠᠶᠢᠨ᠎ᠠ᠃ ᠡᠬᠢᠨ ᠦ ᠡᠭᠡᠯᠵᠢ ᠳᠦ ᠠᠭᠤᠯᠵᠠᠯᠲᠠ ᠬᠢᠵᠦ᠂ ᠡᠳ᠋ ᠤᠨ ᠵᠠᠰᠠᠭ ᠤᠨ ᠰᠡᠷᠭᠦᠯᠲᠡ ᠶᠢ ᠪᠠᠲᠤᠯᠠᠭᠠᠵᠢᠭᠤᠯᠬᠤ ᠴᠢᠭᠯᠡᠯ ᠢᠶᠡᠷ ᠥᠪᠡᠷᠰᠡᠳ ᠦᠨ ᠰᠠᠨᠠᠯ ᠢ ᠥᠭᠭᠦᠨ᠎ᠡ ᠭᠡᠯ᠎ᠡ᠃

ᠰᠡᠳᠬᠢᠭᠳᠡᠯ ᠦᠯᠡᠳᠡᠭᠡᠬᠦ