ᠡᠯᠰᠡᠯᠲᠡ ᠶᠢᠨ ᠶᠡᠷᠦᠩᠬᠡᠢ ᠰᠢᠯᠭᠠᠯᠲᠠ ᠡᠬᠢᠯᠡᠯ᠎ᠡ | News.MN

ᠡᠯᠰᠡᠯᠲᠡ ᠶᠢᠨ ᠶᠡᠷᠦᠩᠬᠡᠢ ᠰᠢᠯᠭᠠᠯᠲᠠ ᠡᠬᠢᠯᠡᠯ᠎ᠡ

2021 ᠣᠨ ᠤ ᠡᠯᠰᠡᠯᠲᠡ  ᠶᠢᠨ ᠶᠡᠷᠦᠩᠬᠡᠢ ᠰᠢᠯᠭᠠᠯᠲᠠ ᠶᠢ ᠥᠨᠥᠳᠥᠷ 10᠄00 ᠴᠠᠭ ᠲᠤ ᠮᠣᠩᠭᠣᠯ ᠤᠯᠤᠰ ᠤᠨ ᠲᠡᠦᠬᠡ ᠶᠢᠨ ᠬᠢᠴᠢᠶᠡᠯ ᠢᠶᠡᠷ ᠡᠬᠢᠯᠡᠵᠦ ᠪᠠᠶᠢᠨ᠎ᠠ᠃ ᠡᠨᠡ ᠵᠢᠯ ᠦᠨ ᠰᠢᠯᠭᠠᠯᠲᠠ ᠳᠤ 40420 ᠰᠤᠷᠤᠯᠴᠠᠭᠴᠢ ᠪᠦᠷᠢᠳᠬᠡᠭᠦᠯᠦᠭᠰᠡᠨ ᠪᠠᠶᠢᠨ᠎ᠠ᠃ ᠰᠢᠯᠭᠠᠯᠲᠠ ᠳᠤ ᠭᠠᠵᠠᠷ ᠵᠦᠢ ᠶᠢᠨ ᠬᠢᠴᠢᠶᠡᠯ ᠰᠣᠩᠭᠣᠭᠰᠠᠨ 1235 ᠰᠤᠷᠤᠭᠴᠢ ᠪᠠᠶᠢᠭ᠎ᠠ ᠨᠢ ᠬᠠᠮᠤᠭ ᠤᠨ ᠴᠥᠭᠡᠨ ᠦᠵᠡᠭᠦᠯᠦᠯᠲᠡ ᠪᠣᠯ᠂ 27951 ᠰᠤᠷᠤᠭᠴᠢ ᠲᠤᠭᠠᠨ ᠤ ᠤᠬᠠᠭᠠᠨ ᠬᠢᠴᠢᠶᠡᠯ ᠢ ᠰᠣᠩᠭᠣᠭᠰᠠᠨ ᠨᠢ ᠬᠠᠮᠤᠭ ᠤᠨ ᠶᠡᠬᠡ ᠦᠵᠡᠭᠦᠯᠦᠯᠲᠡ ᠪᠣᠯᠵᠤ ᠪᠠᠶᠢᠨ᠎ᠠ᠃

ᠰᠤᠷᠤᠭᠴᠢᠳ ᠤᠨ ᠨᠠᠰᠤᠨ ᠤ ᠪᠦᠲᠦᠴᠡ ᠶᠢ ᠦᠵᠡᠪᠡᠯ᠄15-16 ᠨᠠᠰᠤᠲᠠᠢ 27 ᠰᠢᠯᠭᠠᠭᠤᠯᠤᠭᠴᠢ᠂ 17 ᠨᠠᠰᠤᠲᠠᠢ 1675 ᠰᠢᠯᠭᠠᠭᠤᠯᠤᠭᠴᠢ᠂ 18 ᠨᠠᠰᠤᠲᠠᠢ 25082 ᠰᠢᠯᠭᠠᠭᠤᠯᠤᠭᠴᠢ᠂19 ᠨᠠᠰᠤᠲᠠᠢ 13636 ᠰᠢᠯᠭᠠᠭᠤᠯᠤᠭᠴᠢ ᠪᠠᠶᠢᠨ᠎ᠠ᠃

ᠰᠡᠳᠬᠢᠭᠳᠡᠯ ᠦᠯᠡᠳᠡᠭᠡᠬᠦ