ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠯ ∙ ᠬᠠᠯᠲᠠᠷ ᠥᠩᠭᠡᠷᠡᠭᠰᠡᠨ ᡀᠠᠭᠪᠠ ᠭᠠᠷᠠᠭ ᠲᠤ ᠲᠡᠮᠦᠷ ᠵᠠᠮ ᠤᠨ ᠰᠠᠯᠪᠤᠷᠢ ᠳᠤ ᠬᠡᠷᠡᠭᠵᠢᠭᠦᠯᠬᠦ ᠲᠥᠰᠥᠯ ᠦᠳ ᠢ ᠲᠠᠨᠢᠯᠴᠠᠭᠤᠯᠤᠭᠰᠠᠨ᠃ ᠡᠳᠡᠭᠡᠷ ᠨᠢ ᠵᠡᠭᠦᠨ ᠪᠠᠶᠠᠨ ᠥᠷᠲᠡᠭᠡᠨ ᠡᠴᠡ ᠬᠠᠩᠭᠢ ᠮᠠᠨᠳᠤᠯ ᠴᠢᠭᠯᠡᠯ ᠦᠨ ᠲᠡᠮᠦᠷ ᠵᠠᠮ᠂ ᠳᠣᠷᠣᠨᠠᠲᠤ ᠠᠶᠢᠮᠠᠭ ᠤᠨ ᠴᠣᠶᠢᠪᠠᠯᠰᠠᠩ ᠬᠣᠲᠠ-ᠬᠦᠭᠡᠲᠦ᠂ ᠪᠢᠴᠢᠭᠲᠦ ᠪᠤᠶᠤ ᠵᠡᠭᠦᠨ ᠪᠣᠰᠤᠭ᠎ᠠ ᠴᠢᠭᠯᠡᠯ ᠦᠨ 237 ᠺᠢᠯᠣᠮᠧᠲ᠋ᠷ ᠲᠡᠮᠦᠷ ᠵᠠᠮ᠂ ᠠᠷᠴᠠ ᠰᠠᠭᠤᠷᠢ-ᠰᠢᠪᠡᠭᠡ ᠬᠦᠷᠡᠩ ᠴᠢᠭᠯᠡᠯ ᠦᠨ᠂ ᠪᠠᠷᠠᠭᠤᠨ ᠪᠣᠰᠤᠭ᠎ᠠ ᠴᠢᠭᠯᠡᠯ ᠦᠨ 1280 ᠺᠢᠯᠣᠮᠧᠲ᠋ᠷ ᠲᠡᠮᠦᠷ ᠵᠠᠮ᠂ ᠷᠠᠰᠢᠶᠠᠨᠲᠤ ᠥᠷᠲᠡᠭᠡ-ᠪᠣᠭᠳᠠ ᠬᠠᠭᠠᠨ ᠲᠡᠮᠦᠷ ᠵᠠᠮ ᠶᠤᠮ᠃
ᠲᠡᠮᠦᠷ ᠵᠠᠮ ᠤᠳ ᠢ ᠪᠠᠷᠢᠬᠤ ᠳᠤ 600-700 ᠰᠠᠶ᠎ᠠ ᠳ᠋ᠣᠯᠯᠠᠷ ᠤᠨ ᠬᠥᠷᠥᠩᠭᠡ ᠱᠠᠭᠠᠷᠳᠠᠯᠭ᠎ᠠ ᠲᠠᠢ᠃ ᠳᠣᠲᠣᠭᠠᠳᠤ ᠡᠬᠢ ᠡᠭᠦᠰᠪᠦᠷᠢ ᠡᠴᠡ ᠭᠠᠳᠠᠨ᠎ᠠ ᠣᠷᠣᠰ᠂ ᠶᠠᠫᠣᠨ ᠤᠯᠤᠰ ᠠᠴᠠ ᠵᠢᠭᠡᠯᠡ ᠠᠪᠤᠨ᠎ᠠ ᠭᠡᠵᠦ ᠰᠠᠯᠪᠤᠷᠢ ᠶᠢᠨ ᠰᠠᠶᠢᠳ ᠮᠡᠳᠡᠭᠳᠡᠭᠰᠡᠨ᠃ ᠲᠡᠭᠡᠪᠡᠯ ᠵᠠᠰᠠᠭ ᠤᠨ ᠭᠠᠵᠠᠷ ᠥᠩᠭᠡᠷᠡᠭᠰᠡᠨ ᠰᠠᠷ᠎ᠠ ᠳᠤ ᠲᠣᠭᠲᠠᠭᠠᠯ ᠭᠠᠷᠭᠠᠨ᠂ ᠲᠥᠷᠥ ᠶᠢᠨ ᠥᠮᠴᠢ ᠶᠢᠨ ᠺᠤᠨᠼᠸᠰᠰ ᠤᠨ ᠵᠦᠢᠯ ᠦᠨ ᠵᠢᠭᠰᠠᠭᠠᠯᠲᠠ ᠳᠦ ᠥᠭᠡᠷᠡᠴᠢᠯᠡᠯᠲᠡ ᠣᠷᠣᠭᠤᠯᠵᠠᠢ᠃ ᠲᠤᠬᠠᠢᠯᠠᠪᠠᠯ ᠬᠠᠤᠯᠢ ᠶᠢᠨ ᠡᠲᠡᠭᠡᠳ ᠨᠢ ᠥᠪᠡᠷ ᠦᠨ ᠪᠣᠯᠤᠨ ᠥᠪᠡᠷ ᠦᠨ ᠪᠣᠯᠤᠮᠵᠢ ᠪᠠᠷ ᠣᠯᠤᠭᠰᠠᠨ ᠬᠥᠷᠥᠩᠭᠡ ᠪᠡᠷ ᠦᠷᠭᠡᠨ ᠴᠠᠷᠢᠭ ᠤᠨ ᠲᠡᠮᠦᠷ ᠵᠠᠮ ᠢ ᠳᠠᠭᠠᠯᠳᠤᠬᠤ ᠳᠡᠳ᠋ ᠪᠦᠲᠦᠴᠡ ᠶᠢᠨ ᠬᠠᠮᠲᠤ ᠪᠠᠷᠢᠵᠤ᠂ ᠭᠡᠷ᠎ᠡ ᠳᠦ ᠵᠢᠭᠠᠭᠰᠠᠨ ᠬᠤᠭᠤᠴᠠᠭᠠᠨ ᠳᠤ ᠠᠰᠢᠭᠯᠠᠨ ᠭᠡᠷ᠎ᠡ ᠶᠢᠨ ᠬᠤᠭᠤᠴᠠᠭ᠎ᠠ ᠳᠠᠭᠤᠰᠬᠤ ᠳᠤ ᠲᠥᠷᠥ ᠳᠦ ᠦᠨ᠎ᠡ ᠲᠥᠯᠦᠪᠦᠷᠢ ᠦᠭᠡᠢ ᠰᠢᠯᠵᠢᠭᠦᠯᠦᠨ᠎ᠡ᠃