ᠰ ∙ ᠡᠷᠳᠡᠨᠢ ᠨᠥᠬᠥᠨ ᠰᠣᠩᠭᠣᠭᠤᠯᠢ ᠳᠤ ᠨᠡᠷ᠎ᠡ ᠳᠡᠪᠰᠢᠬᠦ ᠦᠭᠡᠢ | News.MN

ᠰ ∙ ᠡᠷᠳᠡᠨᠢ ᠨᠥᠬᠥᠨ ᠰᠣᠩᠭᠣᠭᠤᠯᠢ ᠳᠤ ᠨᠡᠷ᠎ᠡ ᠳᠡᠪᠰᠢᠬᠦ ᠦᠭᠡᠢ

ᠠᠷᠠᠳᠴᠢᠯᠠᠭᠰᠠᠨ ᠨᠠᠮ ᠤᠨ ᠳᠠᠷᠤᠭ᠎ᠠ ᠠᠰᠠᠨ ᠰ ∙ ᠡᠷᠳᠡᠨᠢ ᠤᠯᠤᠰ ᠤᠨ ᠶᠡᠬᠡ ᠬᠤᠷᠠᠯ ᠤᠨ ᠨᠥᠬᠥᠨ ᠰᠣᠩᠭᠣᠭᠤᠯᠢ ᠳᠤ ᠨᠡᠷ᠎ᠡ ᠳᠡᠪᠰᠢᠬᠦ ᠦᠭᠡᠢ ᠭᠡᠳᠡᠭ ᠢᠶᠡᠨ  ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠢᠯᠡᠷᠬᠡᠶᠢᠯᠡᠯ᠎ᠡ᠃ ᠲᠡᠷᠡᠪᠡᠷ᠄ ᠥᠨᠥᠳᠥᠷ ᠠᠷᠠᠳᠴᠢᠯᠠᠭᠰᠠᠨ ᠨᠠᠮ ᠤᠨ ᠶᠠᠮᠠᠷ ᠨᠢᠭᠡᠨ ᠳᠠᠷᠤᠭ᠎ᠠ ᠭᠡᠭᠴᠢ ᠭᠠᠩᠸᠴᠢᠷ ᠭᠡᠵᠦ ᠵᠠᠯᠠᠭᠤ  ᠠᠷᠠᠳᠴᠢᠯᠠᠭᠰᠠᠨ ᠨᠠᠮ ᠢ ᠭᠤᠲᠤᠭᠠᠬᠤ ᠭᠡᠵᠦ ᠪᠠᠬᠠᠨ ᠶᠠᠷᠢᠪᠠ᠃ ᠨᠢᠭᠡᠳᠦᠭᠡᠷ ᠲᠦ᠂ ᠰᠣᠩᠭᠣᠭᠤᠯᠢ ᠶᠢᠨ ᠶᠡᠷᠦᠩᠬᠡᠢ ᠬᠣᠷᠢᠶ᠎ᠠ ᠰᠢᠢᠳᠪᠦᠷᠢ ᠪᠡᠨ ᠭᠠᠷᠭᠠᠭ᠎ᠠ ᠦᠭᠡᠢ᠃ ᠬᠣᠶᠠᠳᠤᠭᠠᠷ ᠲᠤ᠂ ᠠᠷᠠᠳᠴᠢᠯᠠᠭᠰᠠᠨ ᠨᠠᠮ ᠠᠯᠢ ᠨᠢᠭᠡ ᠨᠠᠮ ᠪᠤᠶᠤ ᠮᠤᠩᠭᠤᠯ ᠠᠷᠠᠳ ᠤᠨ ᠨᠠᠮ ᠲᠠᠢ ᠣᠭᠲᠣ ᠬᠠᠷᠢᠯᠴᠠᠭ᠎ᠠ ᠦᠭᠡᠢ ᠪᠠᠶᠢᠭ᠎ᠠ᠃ ᠭᠤᠷᠪᠠᠳᠤᠭᠠᠷ ᠲᠤ᠂ ᠡᠷᠳᠡᠨᠢ ᠮᠢᠨᠦ ᠪᠡᠶ᠎ᠡ ᠤᠯᠤᠰ ᠤᠨ ᠶᠡᠬᠡ ᠬᠤᠷᠠᠯ ᠤᠨ ᠨᠥᠬᠥᠨ ᠰᠣᠩᠭᠣᠭᠤᠯᠢ ᠶᠢᠨ ᠠᠯᠢ ᠨᠢᠭᠡ ᠲᠣᠭᠣᠷᠢᠭ ᠲᠤ ᠨᠡᠷ᠎ᠡ ᠳᠡᠪᠰᠢᠬᠦ ᠦᠭᠡᠢ ᠭᠡᠳᠡᠭ ᠢᠶᠡᠨ ᠠᠯᠢ ᠡᠷᠲᠡ ᠢᠯᠡᠷᠬᠡᠶᠢᠯᠡᠭᠰᠡᠨ ᠭᠡᠵᠦ ᠵᠢᠷᠭᠢᠵᠡᠢ᠃

ᠰᠠᠨᠠᠭᠤᠯᠬᠤ ᠳᠤ ᠤᠯᠤᠰ ᠤᠨ ᠶᠡᠬᠡ ᠬᠤᠷᠠᠯ ᠤᠨ 18᠂ 28 ᠳ᠋ᠤᠭᠠᠷ ᠲᠣᠭᠣᠷᠢᠭ ᠲᠤ ᠶᠠᠪᠤᠭᠳᠠᠬᠤ ᠤᠯᠤᠰ ᠤᠨ ᠶᠡᠬᠡ ᠬᠤᠷᠠᠯ ᠤᠨ ᠭᠡᠰᠢᠭᠦᠨ ᠦ ᠨᠥᠬᠥᠨ ᠰᠣᠩᠭᠣᠭᠤᠯᠢ ᠶᠢᠨ ᠰᠠᠨᠠᠯ ᠠᠪᠬᠤ ᠡᠳᠦᠷ ᠠᠷᠪᠠᠳᠤᠭᠠᠷ ᠰᠠᠷ᠎ᠠ ᠶᠢᠨ 10  ᠳᠦ ᠪᠣᠯᠤᠨ᠎ᠠ᠃ ᠡᠨᠡ ᠤᠳᠠᠭ᠎ᠠ ᠶᠢᠨ ᠨᠥᠬᠥᠨ ᠰᠣᠩᠭᠣᠭᠤᠯᠢ ᠳᠤ ᠶᠢᠰᠦᠨ ᠨᠠᠮ᠂ ᠨᠢᠭᠡ ᠡᠪᠰᠡᠯ ᠦᠨ ᠲᠥᠯᠥᠭᠡᠯᠡᠯ ᠣᠷᠣᠯᠴᠠᠬᠤ ᠪᠠᠷ ᠪᠦᠷᠢᠳᠭᠡᠭᠦᠯᠵᠡᠢ᠃

ᠰᠡᠳᠬᠢᠭᠳᠡᠯ ᠦᠯᠡᠳᠡᠭᠡᠬᠦ