ᠳ ∙ ᠠᠨᠠᠷ ᠠᠭᠤᠴᠢᠯᠠᠯ ᠬᠦᠰᠡᠵᠡᠢ | News.MN

ᠳ ∙ ᠠᠨᠠᠷ ᠠᠭᠤᠴᠢᠯᠠᠯ ᠬᠦᠰᠡᠵᠡᠢ

ᠡᠨᠡ ᠰᠠᠷ᠎ᠠ ᠶᠢᠨ 10 ᠳᠦ ᠳᠣᠷᠣᠨᠠᠲᠤ ᠠᠶᠢᠮᠠᠭ ᠪᠥᠬᠡ ᠶᠢᠨ ᠪᠠᠷᠢᠯᠳᠤᠭᠠᠨ ᠢᠶᠠᠨ ᠵᠣᠬᠢᠶᠠᠨ ᠪᠠᠢᠭᠤᠯᠵᠤ᠂ ᠤᠯᠤᠰ ᠤᠨ ᠬᠠᠷᠴᠠᠭᠠᠢ ᠳ∙ᠠᠨᠠᠷ ᠲᠦᠷᠦᠭᠦᠯᠡᠵᠡᠢ᠃ ᠪᠠᠷᠢᠯᠳᠤᠭᠠᠨ ᠤ ᠵᠢᠷᠭᠤᠭ᠎ᠠ ᠶᠢᠨ ᠳᠠᠪᠠᠭᠠᠨ ᠳᠤ ᠳ ∙ ᠠᠨᠠᠷ᠂ ᠠᠶᠢᠮᠠᠭ ᠤᠨ ᠠᠷᠰᠯᠠᠨ ᠭ ∙ ᠰᠢᠨᠡᠵᠣᠷᠢᠭ ᠢ ᠪᠠᠷᠢᠴᠠ ᠪᠤᠷᠤᠭᠤ  ᠬᠠᠯᠠᠯ᠎ᠠ ᠬᠡᠮᠡᠨ ᠪᠤᠬᠢᠨᠢᠳᠤᠵᠤ᠂ ᠳᠠᠪᠠᠬᠤ ᠳᠤ ᠪᠠᠨ ᠨᠢᠲᠡᠷᠡᠵᠦ ᠤᠨᠠᠭᠰᠠᠨ ᠪᠠᠶᠢᠨ᠎ᠠ᠃ ᠲᠡᠷᠡ ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠡᠨᠡ ᠬᠦ ᠦᠢᠯᠡᠳᠦᠯ ᠳᠦ ᠪᠡᠨ ᠠᠭᠤᠴᠢᠯᠠᠯᠲᠠ ᠭᠤᠶᠤᠯ᠎ᠠ᠃
ᠲᠡᠷᠡ ᠪᠡᠷ᠄ ᠮᠢᠨᠦ ᠪᠡᠶ᠎ᠡ ᠳᠣᠷᠣᠨᠠᠲᠤ ᠠᠶᠢᠮᠠᠭ ᠤᠨ ᠴᠣᠯᠠ ᠣᠯᠭᠣᠬᠤ ᠪᠠᠷᠢᠯᠳᠤᠭᠠᠨ ᠤ ᠵᠢᠷᠭᠤᠭ᠎ᠠ ᠶᠢᠨ ᠳᠠᠪᠠᠭᠠᠨ ᠳᠤ ᠠᠶᠢᠮᠠᠭ ᠤᠨ ᠠᠷᠰᠯᠠᠨ ᠭ ∙ ᠰᠢᠨᠡᠵᠣᠷᠢᠭ ᠲᠠᠢ ᠪᠠᠷᠢᠯᠳᠤᠭᠰᠠᠨ᠃ ᠪᠠᠷᠢᠯᠳᠤᠬᠤ ᠶᠠᠪᠤᠴᠠ ᠳᠤ ᠶᠣᠰᠣ ᠵᠦᠢ ᠦᠭᠡᠢ ᠦᠢᠯᠡᠳᠦᠯ ᠭᠠᠷᠭᠠᠭᠰᠠᠨ ᠳᠤ ᠪᠠᠨ ᠭ ∙ ᠰᠢᠨᠡᠵᠣᠷᠢᠭ ᠠᠷᠰᠯᠠᠨ ᠪᠣᠯᠤᠨ ᠪᠦᠬᠡ ᠳᠦ ᠬᠠᠶᠢᠷᠠᠲᠠᠢ ᠠᠷᠠᠳ ᠲᠦᠮᠡᠨ ᠡᠴᠡ ᠪᠡᠨ ᠠᠭᠤᠴᠢᠯᠠᠯ ᠬᠦᠰᠡᠵᠦ ᠪᠠᠶᠢᠨ᠎ᠠ᠃ ᠮᠢᠨᠦ ᠪᠡᠶ᠎ᠡ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠭᠠᠷᠭᠠᠭᠰᠠᠨ ᠰᠢᠢᠳᠪᠦᠷᠢ᠂ ᠬᠠᠷᠢᠭᠤᠴᠠᠯᠭ᠎ᠠ ᠶᠢ ᠬᠦᠨᠳᠦᠳᠬᠡᠨ᠎ᠡ ᠭᠡᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ