10000 ᠲᠥᠭᠥᠷᠢᠭ ᠦᠨ ᠰᠢᠨ᠎ᠡ ᠳᠡᠪᠢᠰᠬᠡᠷᠲᠦ ᠶᠢ ᠭᠦᠢᠯᠭᠡᠭᠡᠨ ᠳᠦ ᠣᠷᠣᠭᠤᠯᠵᠠᠢ | News.MN

10000 ᠲᠥᠭᠥᠷᠢᠭ ᠦᠨ ᠰᠢᠨ᠎ᠡ ᠳᠡᠪᠢᠰᠬᠡᠷᠲᠦ ᠶᠢ ᠭᠦᠢᠯᠭᠡᠭᠡᠨ ᠳᠦ ᠣᠷᠣᠭᠤᠯᠵᠠᠢ

ᠠᠷᠠᠳ ᠤᠨ ᠬᠤᠪᠢᠰᠬᠠᠯ ᠤᠨ 100 ᠵᠢᠯ ᠦᠨ ᠣᠢ ᠳᠤ ᠵᠣᠷᠢᠭᠤᠯᠵᠤ᠂ ᠮᠣᠩᠭᠣᠯ ᠪᠠᠩᠭᠢ 10000 ᠲᠥᠭᠥᠷᠢᠭ ᠦᠨ ᠮᠥᠩᠭᠥᠨ ᠳᠡᠪᠢᠰᠬᠡᠷᠲᠦ ᠶᠢ ᠰᠢᠨᠡᠴᠢᠯᠡᠵᠦ᠂ ᠤᠭ ᠮᠥᠩᠭᠥᠨ ᠳᠡᠪᠢᠰᠬᠡᠷᠲᠦ ᠶᠢᠨ ᠡᠮᠦᠨ᠎ᠡ ᠲᠠᠯ᠎ᠠ ᠳᠤ《ᠠᠷᠠᠳ ᠤᠨ ᠬᠤᠪᠢᠰᠬᠠᠯ 1921-2021》ᠬᠡᠮᠡᠨ ᠨᠡᠮᠡᠵᠦ ᠬᠡᠪᠯᠡᠭᠡᠳ᠂ ᠨᠠᠭᠠᠳᠤᠮ ᠠᠴᠠ ᠡᠮᠦᠨ᠎ᠡ ᠭᠦᠢᠯᠭᠡᠭᠡᠨ ᠳᠦ ᠤᠷᠤᠭᠤᠯᠤᠭᠰᠠᠨ ᠲᠠᠯ᠎ᠠ ᠪᠠᠷ ᠡᠬᠢ ᠰᠤᠷᠪᠤᠯᠵᠢ ᠮᠡᠳᠡᠭᠡᠯᠡᠯ᠎ᠡ᠃
ᠳᠡᠪᠢᠰᠬᠡᠷᠲᠦ ᠶᠢᠨ ᠠᠷᠤ ᠲᠠᠯ᠎ᠠ ᠳᠤ ᠳ∙ᠰᠦᠬᠡᠪᠠᠭᠠᠲᠤᠷ ᠵᠠᠩᠵᠤᠨ ᠤ ᠬᠥᠷᠥᠭ ᠪᠣᠯᠤᠨ ᠠᠷᠠᠳ ᠤᠨ ᠬᠤᠪᠢᠰᠬᠠᠯ ᠢ ᠲᠤᠩᠬᠠᠭᠯᠠᠨ ᠵᠠᠷᠯᠠᠬᠤ  ᠦᠶ᠎ᠡ ᠳᠦ ᠪᠡᠨ ᠠᠷᠠᠳ ᠤᠯᠠᠨ ᠳᠤ ᠬᠠᠨᠳᠤᠵᠤ ᠬᠡᠯᠡᠭᠰᠡᠨ ᠠᠯᠳᠠᠷᠲᠤ ᠦᠭᠡ ᠶᠢ ᠪᠣᠰᠤᠭ᠎ᠠ ᠮᠣᠩᠭᠣᠯ ᠪᠢᠴᠢᠭ ᠢᠶᠡᠷ ᠪᠢᠴᠢᠵᠦ᠂ 《ᠠᠷᠠᠳ ᠤᠨ ᠬᠤᠪᠢᠰᠬᠠᠯ 100 ᠵᠢᠯ》ᠭᠡᠰᠡᠨ ᠪᠢᠴᠢᠪᠦᠷᠢ ᠪᠦᠬᠦᠢ ᠲᠠᠰᠤᠯᠳᠠᠵᠤ ᠬᠠᠷᠠᠭᠳᠠᠬᠤ ᠮᠧᠲ᠋ᠠᠯ ᠤᠲᠠᠰᠤ ᠶᠢ ᠪᠠᠶᠢᠷᠢᠯᠠᠭᠤᠯᠵᠠᠢ᠃ ᠮᠥᠨ ᠳᠡᠪᠢᠰᠬᠡᠷᠲᠦ ᠳᠦ ᠬᠡᠲᠦ ᠶᠠᠭᠠᠨ ᠲᠤᠶᠠᠭᠠᠨ ᠤ ᠭᠡᠷᠡᠯ ᠳᠦ ᠲᠣᠳᠣᠷᠠᠵᠤ ᠬᠠᠷᠠᠭᠳᠠᠬᠤ ᠰᠤᠶᠤᠩᠪᠤ ᠶᠢ ᠨᠢᠭᠤᠷ ᠲᠠᠯ᠎ᠠ ᠳᠤ᠂ ᠮᠣᠩᠭᠣᠯ ᠤᠯᠤᠰ ᠤᠨ ᠭᠠᠵᠠᠷ ᠤᠨ ᠵᠢᠷᠤᠭ ᠢ ᠠᠷᠤ ᠲᠠᠯ᠎ᠠ ᠶᠢᠨ ᠵᠡᠭᠦᠨ ᠳᠡᠭᠡᠳᠦ ᠬᠡᠰᠡᠭ ᠲᠦ ᠲᠤᠰ ᠲᠤᠰ ᠨᠡᠮᠡᠵᠦ ᠪᠠᠶᠠᠵᠢᠭᠤᠯᠤᠭᠰᠠᠨ ᠠᠵᠠᠢ᠃

ᠰᠡᠳᠬᠢᠭᠳᠡᠯ ᠦᠯᠡᠳᠡᠭᠡᠬᠦ