《ᠡᠷᠳᠡᠨᠢᠰ ᠲᠠᠪᠤᠨᠲᠣᠯᠣᠭᠠᠢ》ᠺᠤᠮᠫᠠᠨᠢ ᠥᠩᠭᠡᠷᠡᠭᠴᠢ ᠳᠥᠷᠪᠡᠳᠦᠭᠡᠷ ᠰᠠᠷ᠎ᠠ ᠳᠤ ᠲᠣᠮᠣᠬᠠᠨ ᠲᠥᠰᠥᠯ ᠬᠥᠲᠥᠯᠪᠦᠷᠢ ᠨᠦᠭᠦᠳ ᠢᠶᠡᠨ ᠬᠡᠷᠡᠭᠵᠢᠭᠦᠯᠬᠦ᠂ ᠡᠷᠭᠢᠯᠲᠡ ᠶᠢᠨ ᠬᠥᠷᠥᠩᠭᠡ ᠶᠢ ᠰᠠᠩᠬᠦᠦᠵᠢᠭᠦᠯᠬᠦ ᠵᠣᠷᠢᠯᠭ᠎ᠠ ᠪᠠᠷ ᠬᠣᠶᠠᠷ ᠶᠡᠬᠡ ᠨᠠᠶᠤᠳ ᠬᠦᠷᠲᠡᠯᠡᠬᠢ ᠲᠥᠭᠥᠷᠢᠭ ᠦᠨ ᠳ᠋ᠦᠩ ᠪᠦᠬᠦᠢ ᠲᠥᠭᠥᠷᠢᠭ᠂ ᠸᠠᠯᠢᠶᠤᠲ ᠬᠣᠣᠰᠯᠠᠭᠰᠠᠨ ᠪᠤᠨᠳ᠋ ᠭᠠᠷᠭᠠᠬᠤ ᠵᠥᠪᠰᠢᠶᠡᠷᠡᠯ ᠢ ᠰᠠᠩᠬᠦᠦ ᠶᠢᠨ ᠵᠣᠬᠢᠴᠠᠭᠤᠯᠬᠤ ᠬᠣᠷᠢᠶᠠᠨ ᠠᠴᠠ ᠠᠪᠤᠭᠰᠠᠨ᠃ ᠪᠤᠨᠳ᠋ ᠤᠨ ᠵᠠᠬᠢᠶᠠᠯᠠᠭ᠎ᠠ ᠡᠨᠡ ᠰᠠᠷ᠎ᠠ ᠶᠢᠨ 16-25 ᠤ ᠡᠳᠦᠷ ᠦᠳ ᠲᠦ ᠪᠣᠯᠤᠨ᠎ᠠ᠃ ᠡᠨᠡ ᠤᠳᠠᠭ᠎ᠠ ᠳᠤ 100 ᠰᠠᠶ᠎ᠠ ᠳ᠋ᠣᠯᠯᠠᠷ ᠪᠣᠯᠤᠨ 285 ᠲᠡᠷᠪᠤᠮ ᠲᠥᠭᠥᠷᠢᠭ ᠦᠨ ᠪᠤᠨᠳ᠋ ᠢ ᠣᠯᠠᠨ ᠨᠡᠶᠢᠲᠡ ᠳᠦ ᠰᠠᠨᠠᠯ ᠪᠣᠯᠭᠠᠨ᠎ᠠ᠃ ᠪᠤᠨᠳ᠋ ᠳ᠋ᠣᠯᠯᠠᠷ ᠢᠶᠠᠷ ᠭᠠᠷᠴᠤ ᠪᠠᠶᠢᠭ᠎ᠠ ᠲᠤᠯᠠ ᠬᠠᠩᠰᠢ ᠶᠢᠨ ᠤᠨᠠᠯᠲᠠ ᠶᠢᠨ ᠡᠷᠡᠰᠳᠡᠯ ᠦᠭᠡᠢ᠂ ᠳ᠋ᠣᠯᠯᠠᠷ ᠤᠨ ᠪᠤᠰᠤᠳ ᠰᠠᠩᠬᠦᠦ ᠶᠢᠨ ᠪᠦᠲᠦᠭᠡᠭᠳᠡᠬᠦᠨ ᠨᠦᠭᠦᠳ ᠡᠴᠡ ᠥᠨᠳᠥᠷ ᠬᠦᠦ ᠲᠡᠢ ᠪᠡᠷ ᠢᠶᠡᠨ ᠳᠠᠪᠠᠭᠤ ᠲᠠᠯ᠎ᠠ ᠲᠠᠢ᠃
ᠪᠤᠨᠳ᠋ ᠤᠨ ᠮᠦᠩᠭᠦ ᠶᠢ ᠲᠠᠪᠤᠨᠲᠣᠯᠣᠭᠠᠢ ᠳᠤᠯᠠᠭᠠᠨ ᠤ ᠴᠠᠬᠢᠯᠭᠠᠨ ᠰᠲ᠋ᠠᠨᠼ᠂ ᠨᠡᠭᠦᠷᠡᠰᠦ ᠪᠠᠶᠠᠵᠢᠭᠤᠯᠬᠤ ᠦᠢᠯᠡᠳᠪᠦᠷᠢ᠂ ᠤᠰᠤᠨ ᠬᠠᠩᠭᠠᠮᠵᠢ᠂ ᠲᠡᠮᠦᠷ ᠵᠠᠮ ᠵᠡᠷᠭᠡ ᠦᠨᠳᠦᠰᠦᠨ ᠦ ᠲᠣᠮᠣᠬᠠᠨ ᠪᠦᠲᠦᠭᠡᠨ ᠪᠠᠶᠢᠭᠤᠯᠤᠯᠲᠠ ᠳᠤ ᠵᠠᠷᠤᠴᠠᠭᠤᠯᠤᠨ᠎ᠠ᠃ ᠳᠡᠭᠡᠷᠡᠬᠢ ᠪᠦᠲᠦᠭᠡᠨ ᠪᠠᠶᠢᠭᠤᠯᠤᠯᠲᠠ ᠨᠤᠭᠤᠳ ᠢ ᠬᠢᠭᠰᠡᠨ ᠢᠶᠡᠷ ᠺᠣᠮᠫᠠᠨᠢ ᠶᠢᠨ ᠦᠷ᠎ᠡ ᠠᠰᠢᠭ ᠢᠯᠡᠭᠦᠦ ᠨᠡᠮᠡᠭᠳᠡᠵᠦ᠂ 2025 ᠣᠨ ᠬᠦᠷᠲᠡᠯ᠎ᠡ ᠨᠡᠶᠢᠲᠡ 11.5 ᠶᠡᠬᠡ ᠨᠠᠶᠤᠳ ᠲᠥᠭᠥᠷᠢᠭ ᠦᠨ ᠴᠡᠪᠡᠷ ᠠᠰᠢᠭ ᠲᠠᠢ ᠠᠵᠢᠯᠯᠠᠬᠤ ᠪᠠᠷ ᠲᠥᠯᠥᠪᠯᠡᠵᠦ ᠪᠠᠶᠢᠨ᠎ᠠ ᠭᠡᠵᠦ ᠲᠤᠬᠠᠢ ᠶᠢᠨ ᠺᠤᠮᠫᠠᠨᠢ ᠮᠡᠳᠡᠭᠡᠯᠡᠪᠡ᠃