《 ᠤᠭ᠍ᠶᠤᠲᠤᠯᠤᠭᠠᠢ》  ᠶᠢᠨ  ᠰᠢᠨᠵᠢᠭᠡᠴᠢᠳ ᠦᠨ ᠳ᠋ᠦᠩ ᠢ ᠲᠠᠨᠢᠯᠴᠠᠭᠤᠯᠪᠠ | News.MN

《 ᠤᠭ᠍ᠶᠤᠲᠤᠯᠤᠭᠠᠢ》  ᠶᠢᠨ  ᠰᠢᠨᠵᠢᠭᠡᠴᠢᠳ ᠦᠨ ᠳ᠋ᠦᠩ ᠢ ᠲᠠᠨᠢᠯᠴᠠᠭᠤᠯᠪᠠ

ᠠᠭᠤᠯᠠ ᠠᠭᠤᠷᠬᠠᠢ ᠬᠦᠨᠳᠦ ᠦᠢᠯᠡᠳᠪᠦᠷᠢ ᠶᠢᠨ ᠰᠠᠶᠢᠳ ᠭ ∙ᠶᠤᠨᠳᠤᠨ᠄《ᠤᠭ᠍ᠶᠤᠲᠤᠯᠤᠭᠠᠢ》ᠺᠣᠮᠫᠠᠨᠢ ᠶᠢᠨ ᠳᠠᠯᠳᠠ ᠠᠭᠤᠷᠬᠠᠢ ᠶᠢᠨ ᠠᠵᠢᠯ ᠤᠳᠠᠭᠠᠰᠢᠷᠠᠭᠰᠠᠨ ᠢ ᠪᠢᠳᠡ ᠮᠡᠳᠡᠨ᠎ᠡ᠃ ᠡᠨᠡ ᠲᠥᠰᠥᠯ ᠦᠨ ᠭᠣᠣᠯ ᠨᠥᠭᠡᠴᠡ ᠨᠢ ᠳᠠᠯᠳᠠ ᠠᠭᠤᠷᠬᠠᠢ ᠳᠤ ᠪᠤᠢ᠃ ᠷᠢᠤ᠋ ᠲᠢᠨᠲ᠋ᠤ᠋ ᠭᠷᠦ᠋ᠫ ᠳᠠᠯᠳᠠ ᠠᠭᠤᠷᠬᠠᠢ ᠶᠢᠨ ᠴᠢᠯᠠᠭᠤᠯᠢᠭ ᠤᠨ ᠣᠨᠴᠠᠯᠢᠭ ᠤᠨ ᠤᠯᠠᠮ ᠠᠴᠠ ᠠᠵᠢᠯ ᠬᠣᠶᠢᠰᠢᠯᠠᠭᠰᠠᠨ᠂ ᠡᠭᠦᠨ ᠢ ᠤᠷᠢᠳᠴᠢᠯᠠᠨ ᠲᠠᠭᠠᠮᠠᠭᠯᠠᠬᠤ ᠪᠣᠯᠤᠮᠵᠢ ᠦᠭᠡᠢ ᠭᠡᠳᠡᠭ ᠪᠠᠶᠢᠪᠠ᠃  ᠬᠦᠨᠳᠡᠯᠡᠨ ᠦ ᠰᠢᠨᠵᠢᠭᠡᠴᠢᠳ ᠪᠢᠳᠡᠨ ᠳᠦ ᠳ᠋ᠦᠩᠨᠡᠯᠲᠡ ᠪᠡᠨ ᠲᠠᠨᠢᠯᠴᠠᠭᠤᠯᠤᠯ᠎ᠠ᠃ ᠷᠢᠤ᠋ ᠲᠢᠨᠲ᠋ᠤ᠋  ᠡᠴᠡ ᠬᠠᠮᠢᠶᠠᠷᠤᠯ ᠦᠭᠡᠢ᠂ ᠪᠡᠶ᠎ᠡ ᠳᠠᠭᠠᠭᠠᠭᠰᠠᠨ᠂ ᠶᠠᠮᠠᠷ ᠨᠢᠭᠡ ᠠᠰᠢᠭ ᠰᠣᠨᠢᠷᠬᠠᠯ ᠦᠭᠡᠢ ᠰᠢᠨᠵᠢᠭᠡᠴᠢᠳ ᠢ ᠪᠦᠷᠢᠳᠦᠭᠦᠯᠬᠦ ᠨᠢ ᠠᠮᠠᠷ ᠪᠠᠶᠢᠭᠰᠠᠨ ᠦᠭᠡᠢ᠃ ᠭᠡᠰᠡᠨ ᠴᠤ ᠪᠢᠳᠡ ᠵᠡᠰ ᠦᠨ ᠰᠠᠯᠪᠤᠷᠢ ᠳᠤ 20-40 ᠵᠢᠯ ᠠᠵᠢᠯᠯᠠᠭᠰᠠᠨ ᠲᠤᠷᠰᠢᠯᠭ᠎ᠠ ᠲᠠᠢ᠂  ᠨᠠᠢ᠌ᠮᠠᠨ ᠭᠡᠰᠢᠭᠦᠨ ᠢ ᠰᠢᠨᠵᠢᠭᠡᠴᠢᠳ ᠦᠨ ᠪᠠᠭ ᠲᠤ ᠠᠵᠢᠯᠯᠠᠭᠤᠯᠤᠭᠰᠠᠨ᠃ 《ᠤᠭ᠍ᠶᠤᠲᠤᠯᠤᠭᠠᠢ》 ᠶᠢᠨ ᠲᠥᠯᠥᠭᠡᠯᠡᠨ ᠤᠳᠤᠷᠢᠳᠬᠤ ᠵᠥᠪᠯᠡᠯ ᠡᠨᠡ ᠳ᠋ᠦᠩᠨᠡᠯᠲᠡ ᠶᠢ ᠤᠳᠠᠬᠤ ᠦᠭᠡᠢ ᠬᠡᠯᠡᠯᠴᠡᠨ᠎ᠡ᠃

《ᠤᠭ᠍ᠶᠤᠲᠤᠯᠤᠭᠠᠢ》 ᠶᠢᠨ ᠲᠥᠯᠥᠭᠡᠯᠡᠨ ᠤᠳᠤᠷᠢᠳᠬᠤ ᠵᠥᠪᠯᠡᠯ ᠤᠨ ᠭᠡᠰᠢᠭᠦᠨ ᠽ ∙ ᠭᠠᠩᠸᠴᠢᠷ᠄《ᠡᠷᠳᠡᠨᠢᠰ ᠤᠭ᠍ᠶᠤᠲᠤᠯᠤᠭᠠᠢ》ᠺᠣᠮᠫᠠᠨᠢ ᠶᠢᠨ ᠬᠣᠶᠠᠷ ᠲᠥᠯᠥᠭᠡᠯᠡᠯ᠂ 《 ᠲᠤᠷᠺᠤᠢᠽ  ᠾᠢᠯᠯ》 ᠬᠤᠪᠢᠴᠠᠭᠠᠲᠤ ᠺᠣᠮᠫᠠᠨᠢ ᠶᠢᠨ ᠬᠣᠶᠠᠷ ᠲᠥᠯᠥᠭᠡᠯᠡᠯ ᠪᠦᠬᠦᠢ ᠲᠤᠰᠬᠠᠢ ᠬᠣᠷᠢᠶ᠎ᠠ ᠶᠢ ᠪᠦᠷᠢᠳᠦᠭᠦᠯᠵᠦ᠂ ᠪᠡᠶ᠎ᠡ ᠳᠠᠭᠠᠭᠠᠭᠰᠠᠨ ᠰᠢᠨᠵᠢᠭᠡᠴᠢᠳ ᠢ ᠲᠣᠮᠢᠯᠠᠭᠰᠠᠨ᠃ ᠠᠭᠤᠯᠠ ᠠᠭᠤᠷᠬᠠᠢ ᠶᠢᠨ ᠲᠥᠯᠥᠪᠯᠡᠯᠲᠡ᠂ ᠪᠠᠷᠢᠯᠭ᠎ᠠ  ᠤᠭᠰᠠᠷᠠᠯᠲᠠ᠂ ᠲᠥᠰᠥᠯ ᠦᠨ ᠮᠧᠨᠧᠵᠮᠧᠨᠲ᠂ ᠭᠧᠣ ᠲᠧᠭᠨᠢᠭ ᠦᠨ  ᠲᠠᠯ᠎ᠠ ᠶᠢᠨ ᠠᠮᠧᠷᠢᠺᠠ ᠂ ᠺᠠᠨᠠᠳᠠ᠂ ᠠᠦᠢᠰᠲᠷᠠᠯᠢᠶ᠎ᠠ᠂ ᠮᠣᠩᠭᠣᠯ  ᠮᠡᠷᠭᠡᠵᠢᠯᠲᠡᠳ ᠠᠵᠢᠯᠯᠠᠯ᠎ᠠ᠃

ᠰᠡᠳᠬᠢᠭᠳᠡᠯ ᠦᠯᠡᠳᠡᠭᠡᠬᠦ