ᠰᠤᠲᠠᠢ ᠬᠠᠶᠢᠷᠬᠠᠨ ᠤ ᠲᠠᠬᠢᠯᠭ᠎ᠠ ᠪᠣᠯᠤᠯ᠎ᠠ | News.MN

 ᠰᠤᠲᠠᠢ ᠬᠠᠶᠢᠷᠬᠠᠨ ᠤ ᠲᠠᠬᠢᠯᠭ᠎ᠠ ᠪᠣᠯᠤᠯ᠎ᠠ

ᠭᠣᠪᠢ-ᠠᠯᠲᠠᠢ ᠠᠶᠢᠮᠠᠭ ᠤᠨ ᠲᠣᠩᠬᠢᠯ᠂ ᠳᠠᠷᠪᠢ᠂ ᠬᠣᠪᠳᠣ ᠠᠶᠢᠮᠠᠭ ᠤᠨ ᠴᠡᠴᠡᠭ᠂ ᠳᠠᠷᠪᠢ ᠰᠤᠮᠤ ᠶᠢᠨ ᠨᠤᠲᠤᠭ ᠤᠨ ᠵᠠᠭᠠᠭ ᠲᠤ ᠤᠷᠤᠰᠢᠬᠤ ᠮᠥᠩᠬᠡ ᠴᠠᠰᠤᠲᠤ ᠰᠤᠲᠠᠢ ᠬᠠᠶᠢᠷᠬᠠᠨ ᠠᠭᠤᠯᠠ ᠶᠢᠨ ᠲᠩᠷᠢ ᠶᠢ ᠲᠠᠶᠢᠬᠤ ᠲᠥᠷᠥ ᠶᠢᠨ ᠲᠠᠬᠢᠯᠭ᠎ᠠ 2021 ᠣᠨ ᠤ 08 ᠳ᠋ᠤᠭᠠᠷ ᠰᠠᠷ᠎ᠠ ᠶᠢᠨ 07 ᠳᠤ ᠪᠣᠯᠤᠯ᠎ᠠ᠃ ᠰᠤᠲᠠᠢ ᠬᠠᠶᠢᠷᠬᠠᠨ ᠠᠭᠤᠯᠠ ᠶᠢᠨ ᠲᠩᠷᠢ ᠶᠢ ᠲᠠᠶᠢᠬᠤ ᠶᠣᠰᠣᠯᠠᠯ ᠡᠬᠢᠯᠡᠬᠦ ᠦᠶ᠎ᠡ ᠳᠦ 《ᠭᠠᠨᠵᠤᠤᠷ》ᠶᠡᠬᠡ ᠬᠥᠯᠭᠡᠨ ᠰᠤᠳᠤᠷ᠂  ᠨᠠᠢ᠌ᠮᠠᠨ ᠲᠠᠬᠢᠯ ᠢ ᠲᠤᠰᠬᠠᠶᠢᠯᠠᠨ ᠵᠠᠯᠠᠵᠤ᠂ ᠯᠠᠮᠠ ᠬᠤᠸᠠᠷᠠᠭ ᠤᠳ ᠯᠠᠮᠴᠤᠳᠤᠪ᠂ ᠵᠢᠭᠵᠢᠳ᠂ ᠸᠴᠢᠷᠪᠠᠨᠢ᠂  ᠶᠤᠯᠲ᠋ᠢ ᠵᠡᠷᠭᠡ ᠨᠣᠮ ᠬᠤᠷᠠᠯ᠎ᠠ᠃ ᠮᠣᠩᠭᠣᠯ ᠤᠯᠤᠰ ᠤᠨ ᠶᠡᠷᠦᠩᠬᠡᠶᠢᠯᠡᠭᠴᠢ ᠤ᠊ ∙ ᠬᠦᠷᠡᠯᠰᠦ᠋ᠬᠡ ᠲᠥᠷᠥ ᠶᠢᠨ ᠪᠡᠯᠭᠡᠳᠡᠯ ᠢ ᠢᠯᠡᠷᠬᠡᠶᠢᠯᠡᠵᠦ᠂ ᠬᠦᠨᠳᠦᠲᠦ ᠬᠠᠷᠠᠭᠤᠯ ᠤᠨ ᠳᠥᠷᠪᠡᠨ ᠴᠡᠷᠢᠭ ᠢᠶᠡᠷ ᠬᠠᠮᠠᠭᠠᠯᠠᠭᠤᠯᠤᠨ ᠲᠤᠰᠬᠠᠶᠢᠯᠠᠨ ᠵᠠᠰᠠᠭᠰᠠᠨ ᠲᠠᠯᠠᠪᠠᠢ ᠳᠤ ᠬᠦᠷᠦᠯᠴᠡᠨ ᠢᠷᠡᠪᠡ᠃

ᠲᠡᠷᠡ ᠪᠡᠷ ᠬᠡᠯᠡᠭᠰᠡᠨ ᠦᠭᠡᠨ ᠳᠦ ᠪᠡᠨ᠄ ᠠᠭᠤᠯᠠ ᠣᠪᠣᠭᠠᠨ ᠤ ᠲᠠᠬᠢᠯᠭ᠎ᠠ ᠪᠣᠯ ᠪᠠᠶᠢᠭᠠᠯᠢ ᠳᠡᠯᠡᠬᠡᠢ ᠶᠢᠨ ᠵᠢᠮ᠎ᠠ ᠶᠣᠰᠣ ᠲᠠᠢ ᠵᠣᠬᠢᠷᠠᠨ᠂ ᠠᠭᠤᠯᠠ ᠤᠰᠤ ᠪᠠᠨ ᠳᠡᠭᠡᠳᠦᠯᠡᠨ ᠢᠷᠡᠭᠰᠡᠨ ᠨᠡᠭᠦᠳᠡᠯᠴᠢᠨ ᠮᠣᠩᠭᠣᠯ ᠲᠦᠮᠡᠨ ᠦ ᠦᠨᠡᠲᠦ ᠥᠪ ᠤᠯᠠᠮᠵᠢᠯᠠᠯ᠂ ᠰᠤᠶᠤᠯ᠃ ᠲᠩᠷᠢ᠂ ᠭᠠᠵᠠᠷ᠂ ᠪᠠᠶᠢᠭᠠᠯᠢ ᠡᠬᠡ ᠪᠡᠨ ᠳᠡᠭᠡᠳᠦᠯᠡᠨ ᠰᠢᠲᠦᠵᠦ᠂ ᠬᠠᠶᠢᠷᠠᠯᠠᠨ ᠬᠠᠮᠠᠭᠠᠯᠠᠬᠤ᠂ ᠦᠭᠭᠦᠭᠡᠵᠢ ᠬᠡᠰᠢᠭ ᠢ ᠨᠢ ᠵᠦᠢ ᠶᠣᠰᠣᠭᠠᠷ ᠵᠥᠪ ᠬᠦᠷᠲᠡᠬᠦ ᠶᠢᠨ ᠡᠬᠡ ᠪᠣᠯᠤᠭᠰᠠᠨ ᠥᠨᠢ ᠡᠷᠲᠡᠨ ᠦ ᠰᠦᠰᠦᠭ ᠪᠢᠰᠢᠷᠡᠯ᠂ ᠠᠭᠤᠯᠠ ᠤᠰᠤᠨ ᠤ ᠲᠠᠬᠢᠯᠭ᠎ᠠ᠂ ᠤᠯᠠᠮᠵᠢᠯᠠᠯᠲᠤ ᠵᠠᠩ ᠦᠢᠯᠡ ᠶᠢ ᠲᠠᠰᠤᠷᠠᠯᠲᠠ ᠦᠭᠡᠢ ᠤᠯᠠᠮᠵᠢᠯᠠᠨ ᠬᠠᠳᠠᠭᠠᠯᠠᠵᠤ᠂ ᠦᠨᠳᠦᠰᠦᠨ ᠦ ᠥᠪ ᠰᠤᠶᠤᠯ᠂ ᠦᠨᠡᠲᠦ ᠵᠦᠢᠯ ᠢᠶᠡᠨ ᠦᠷ᠎ᠡ ᠶᠢᠨ ᠦᠷ᠎ᠡ ᠳᠦ ᠥᠪᠯᠡᠭᠦᠯᠦᠨ ᠪᠠᠳᠠᠷᠠᠭᠠᠵᠤ ᠶᠠᠪᠤᠬᠤ ᠤᠴᠢᠷ ᠲᠠᠢ ᠭᠡᠪᠡ᠃
ᠮᠣᠩᠭᠣᠯ ᠠᠯᠲᠠᠢ ᠶᠢᠨ ᠨᠢᠷᠤᠭᠤᠨ ᠤ ᠮᠥᠩᠬᠡ ᠴᠠᠰᠤᠲᠤ ᠰᠤᠲᠠᠢ ᠬᠠᠶᠢᠷᠬᠠᠨ ᠨᠢ ᠪᠠᠢᠭᠠᠯᠢ ᠶᠢᠨ ᠰᠠᠶᠢᠬᠠᠨ᠂ ᠰᠦᠷ ᠵᠢᠪᠬᠤᠯᠠᠩ ᠪᠦᠷᠢᠳᠦᠭᠰᠡᠨ᠂ ᠠᠯᠲᠠᠢ ᠨᠤᠲᠤᠭ ᠤᠨ ᠬᠢᠨ ᠤ ᠬᠡᠰᠢᠭ ᠳᠠᠯᠠᠯᠭ᠎ᠠ᠂ ᠰᠦᠰᠦᠭ ᠪᠢᠰᠢᠷᠡᠯ᠂ ᠳᠣᠮᠣᠭ ᠲᠡᠦᠬᠡ ᠴᠣᠭᠴᠠᠯᠠᠭᠰᠠᠨ ᠮᠣᠩᠭᠣᠯ ᠣᠷᠣᠨ ᠤ ᠥᠷᠥᠨ᠎ᠡ ᠵᠦᠭ ᠢ ᠳᠠᠭᠠᠭᠠᠨ ᠰᠠᠬᠢᠭᠰᠠᠨ ᠬᠠᠷᠠᠭᠤᠯ ᠬᠠᠶᠢᠷᠬᠠᠨ ᠶᠤᠮ᠃

ᠰᠡᠳᠬᠢᠭᠳᠡᠯ ᠦᠯᠡᠳᠡᠭᠡᠬᠦ