ᠴᠢᠳᠠᠬᠤ ᠪᠠᠷ ᠢᠶᠠᠨ ᠬᠢᠴᠢᠶᠡᠭᠰᠡᠨ ᠴᠤ ᠦᠨᠡᠬᠡᠷ ᠪᠣᠯᠤᠭᠰᠠᠨ ᠦᠭᠡᠢ᠂ ᠠᠭᠤᠴᠢᠯᠠᠭᠠᠷᠠᠢ | News.MN

ᠴᠢᠳᠠᠬᠤ ᠪᠠᠷ ᠢᠶᠠᠨ ᠬᠢᠴᠢᠶᠡᠭᠰᠡᠨ ᠴᠤ ᠦᠨᠡᠬᠡᠷ ᠪᠣᠯᠤᠭᠰᠠᠨ ᠦᠭᠡᠢ᠂ ᠠᠭᠤᠴᠢᠯᠠᠭᠠᠷᠠᠢ

 

ᠵᠢᠦ᠋ᠳᠣ᠋ ᠪᠥᠬᠡ ᠶᠢᠨ ᠡᠷᠡᠭᠲᠡᠶᠢᠴᠦᠳ ᠦᠨ +100 ᠺᠢᠯᠦᠭᠷᠡᠮ ᠦᠨ ᠵᠢᠩ ᠳᠦ ᠵᠣᠳᠣᠭᠯᠠᠭᠰᠠᠨ ᠥ᠊∙ ᠳᠦᠭᠦᠷᠡᠩᠪᠠᠶᠠᠷ ᠡᠬᠢᠨ ᠦ ᠱᠠᠲᠤᠨ ᠳᠤ 2018 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠲᠠᠪᠤᠳᠤᠭᠠᠷ ᠪᠠᠶᠢᠷᠢᠨ ᠤ ᠱᠠᠩᠨᠠᠯᠲᠤ ᠦᠽᠪᠸᠺᠰᠲ᠋ᠠᠨ ᠤ ᠲᠠᠮᠢᠷᠴᠢᠨ ᠳᠤ ᠢᠯᠠᠭᠳᠠᠵᠤ ᠲᠡᠮᠡᠴᠡᠭᠡᠨ ᠢᠶᠡᠨ ᠳᠠᠭᠤᠰᠬᠠᠭᠰᠠᠨ᠃

ᠲᠡᠷᠡ ᠪᠡᠷ ᠪᠠᠷᠢᠯᠳᠤᠭᠠᠨ ᠤ ᠳᠠᠷᠠᠭ᠎ᠠ᠄ ᠰᠡᠳᠬᠢᠯ ᠪᠠᠢᠪᠠᠴᠤ ᠪᠡᠶ᠎ᠡ ᠦᠨᠡᠬᠡᠷ ᠶᠠᠪᠤᠬᠤ ᠦᠭᠡᠢ ᠪᠠᠶᠢᠨ᠎ᠠ᠃  ᠲᠠᠺᠲ᠋ᠢᠺ ᠠᠴᠠ ᠪᠠᠨ ᠲᠠᠰᠤ ᠵᠥᠷᠢᠵᠦ ᠪᠠᠷᠢᠯᠳᠤᠯ᠎ᠠ᠃ ᠰᠡᠭᠦᠯ ᠦᠨ ᠵᠢᠯ ᠦᠳ ᠲᠦ ᠮᠠᠰᠢ ᠣᠯᠠᠨ ᠢᠯᠠᠭᠳᠠᠯ ᠬᠦᠯᠢᠶᠡᠵᠦ ᠮᠣᠩᠭᠣᠯ ᠲᠦᠮᠡᠨ ᠢ ᠪᠡᠨ ᠶᠡᠬᠡ ᠪᠤᠬᠢᠨᠢᠳᠤᠭᠤᠯᠤᠭᠰᠠᠨ ᠳᠦ ᠪᠡᠨ ᠠᠭᠤᠴᠢᠯᠠᠯ ᠬᠦᠰᠡᠶ᠎ᠡ᠃ ᠰᠡᠭᠦᠯ ᠦᠨ ᠬᠣᠶᠠᠷ ᠵᠢᠯ ᠮᠠᠰᠢ ᠶᠡᠬᠡ ᠪᠡᠷᠲᠡᠯ ᠭᠡᠮᠲᠦᠯ ᠠᠪᠤᠭᠰᠠᠨ᠃ ᠨᠠᠮᠠᠶᠢ ᠡᠳᠦᠢ ᠬᠦᠷᠲᠡᠯ᠎ᠡ ᠳᠡᠮᠵᠢᠵᠦ᠂ ᠢᠲᠡᠭᠡᠭᠰᠡᠨ ᠭᠡᠷ ᠪᠦᠯᠢ᠂ ᠪᠠᠭ ᠤᠨ ᠬᠢᠨ᠂ ᠪᠠᠭᠰᠢ ᠨᠠᠷ᠂ ᠨᠠᠶᠢᠵᠠ ᠨᠠᠷ  ᠲᠤ ᠪᠠᠨ ᠪᠠᠶᠠᠷᠯᠠᠯ᠎ᠠ᠃ ᠴᠢᠳᠠᠬᠤ ᠪᠠᠷ ᠢᠶᠠᠨ ᠯᠠ ᠬᠢᠴᠢᠶᠡᠯ᠎ᠡ᠃ ᠦᠨᠡᠬᠡᠷ ᠪᠣᠯᠤᠭᠰᠠᠨ ᠦᠭᠡᠢ ᠬᠡᠮᠡᠨ ᠰᠡᠳᠬᠢᠭᠳᠡᠯ ᠢᠶᠡᠨ ᠬᠤᠪᠢᠶᠠᠯᠴᠠᠯ᠎ᠠ᠃

ᠰᠡᠳᠬᠢᠭᠳᠡᠯ ᠦᠯᠡᠳᠡᠭᠡᠬᠦ