《ᠭᠠᠮᠰᠢᠭ ᠤᠨ ᠡᠷᠡᠰᠳᠡᠯ ᠦᠨ ᠦᠨᠡᠯᠡᠭᠡᠨ ᠦ ᠵᠢᠭᠠᠪᠤᠷᠢ》 ᠶᠢ ᠪᠠᠲᠤᠯᠠᠭᠤᠯᠤᠯ᠎ᠠ | News.MN

《ᠭᠠᠮᠰᠢᠭ ᠤᠨ ᠡᠷᠡᠰᠳᠡᠯ ᠦᠨ ᠦᠨᠡᠯᠡᠭᠡᠨ ᠦ ᠵᠢᠭᠠᠪᠤᠷᠢ》 ᠶᠢ ᠪᠠᠲᠤᠯᠠᠭᠤᠯᠤᠯ᠎ᠠ

 

ᠵᠠᠰᠠᠭ ᠤᠨ ᠭᠠᠵᠠᠷ ᠤᠨ 2020 ᠣᠨ ᠤ 190 ᠳ᠋ᠤᠭᠡᠷ ᠲᠣᠭᠲᠠᠭᠠᠯ ᠢᠶᠠᠷ ᠪᠠᠲᠤᠯᠠᠭᠳᠠᠭᠰᠠᠨ 《ᠭᠠᠮᠰᠢᠭ ᠤᠨ  ᠡᠷᠡᠰᠳᠡᠯ ᠦᠨ ᠦᠨᠡᠯᠡᠭᠡ ᠬᠢᠬᠦ ᠵᠢᠷᠤᠮ》 ᠳᠦ ᠥᠭᠡᠷᠡᠴᠢᠯᠡᠯᠲᠡ ᠣᠷᠣᠭᠰᠠᠨ ᠲᠠᠢ ᠬᠣᠯᠪᠣᠭᠳᠠᠭᠤᠯᠤᠨ ᠮᠣᠩᠭᠣᠯ ᠤᠯᠤᠰ ᠤᠨ ᠰᠢᠳᠠᠷ ᠰᠠᠶᠢᠳ ᠤᠨ 2018 ᠣᠨ ᠤ 125 ᠳ᠋ᠤᠭᠠᠷ ᠲᠤᠰᠢᠶᠠᠯ ᠢᠶᠠᠷ ᠪᠠᠲᠤᠯᠠᠭᠳᠠᠭᠰᠠᠨ 《ᠭᠠᠮᠰᠢᠭ ᠤᠨ  ᠡᠷᠡᠰᠳᠡᠯ ᠦᠨ ᠦᠨᠡᠯᠡᠭᠡᠨ ᠦ ᠵᠢᠭᠠᠪᠤᠷᠢ》 ᠶᠢᠨ ᠪᠦᠬᠦ ᠬᠠᠪᠰᠤᠷᠤᠯᠲᠠ᠂ ᠮᠥᠨ ᠬᠠᠪᠰᠤᠷᠤᠯᠲᠠ ᠳᠤ ᠨᠡᠮᠡᠯᠲᠡ ᠣᠷᠣᠭᠤᠯᠤᠭᠰᠠᠨ 2019 ᠣᠨ ᠤ 100᠂ 125 ᠳ᠋ᠤᠭᠠᠷ ᠲᠤᠰᠢᠶᠠᠯ᠂ 2020 ᠣᠨ ᠤ 160 ᠳ᠋ᠤᠭᠠᠷ ᠲᠤᠰᠢᠶᠠᠯ ᠳᠤ ᠨᠡᠮᠡᠯᠲᠡ ᠥᠭᠡᠷᠡᠴᠢᠯᠡᠯᠲᠡ ᠣᠷᠣᠭᠤᠯᠤᠨ ᠰᠢᠳᠠᠷ ᠰᠠᠶᠢᠳ ᠤᠨ 2021 ᠣᠨ ᠤ 07 ᠳ᠋ᠤᠭᠠᠷ ᠰᠠᠷ᠎ᠠ ᠶᠢᠨ 21 ᠦ ᠡᠳᠦᠷ ᠦᠨ 68 ᠳ᠋ᠤᠭᠠᠷ ᠲᠣᠭᠲᠠᠭᠠᠯ ᠢᠶᠠᠷ ᠪᠠᠲᠤᠯᠠᠯ᠎ᠠ᠃
ᠡᠨᠡ ᠵᠢᠭᠠᠪᠤᠷᠢ ᠰᠢᠨᠡᠴᠢᠯᠡᠭᠳᠡᠨ ᠪᠠᠲᠤᠯᠠᠭᠳᠠᠭᠰᠠᠨ ᠢᠶᠠᠷ ᠡᠷᠡᠰᠳᠡᠯ ᠦᠨ ᠦᠨᠡᠯᠡᠭᠡ ᠬᠢᠬᠦ ᠦᠢᠯᠡ ᠶᠠᠪᠤᠴᠠ᠂ ᠠᠷᠭ᠎ᠠ ᠠᠷᠭᠠᠴᠢᠯᠠᠯ ᠲᠣᠳᠣᠷᠬᠠᠢ ᠪᠣᠯᠵᠤ᠂ ᠭᠠᠮᠰᠢᠭ ᠤᠨ ᠡᠷᠡᠰᠳᠡᠯ ᠦᠨ ᠦᠨᠡᠯᠡᠭᠡ ᠬᠢᠬᠦ᠂ ᠡᠷᠡᠰᠳᠡᠯ ᠦᠨ ᠦᠨᠡᠯᠡᠭᠡᠨ ᠦ ᠦᠷ᠎ᠡ ᠳ᠋ᠦᠩ ᠳᠦ ᠦᠨᠳᠦᠰᠦᠯᠡᠨ ᠡᠷᠡᠰᠳᠡᠯ ᠢ ᠪᠠᠭᠤᠷᠠᠭᠤᠯᠬᠤ ᠪᠣᠳᠣᠯᠭ᠎ᠠ᠂ ᠲᠥᠯᠥᠪᠯᠡᠯᠲᠡ ᠬᠢᠬᠦ ᠪᠣᠯᠤᠮᠵᠢ᠂ ᠨᠥᠬᠥᠴᠡᠯ ᠨᠡᠮᠡᠭᠳᠡᠵᠦ ᠪᠠᠶᠢᠨ᠎ᠠ ᠭᠡᠵᠦ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ