《ᠤᠯᠠᠭᠠᠨᠪᠠᠭᠠᠲᠤᠷ》 ᠺᠯᠦ᠋ᠪ ᠠᠩᠬ᠎ᠠ ᠤᠳᠠᠭ᠎ᠠ ᠠᠪᠤᠷᠭᠤ ᠪᠣᠯᠤᠯ᠎ᠠ | News.MN

《ᠤᠯᠠᠭᠠᠨᠪᠠᠭᠠᠲᠤᠷ》 ᠺᠯᠦ᠋ᠪ ᠠᠩᠬ᠎ᠠ ᠤᠳᠠᠭ᠎ᠠ ᠠᠪᠤᠷᠭᠤ ᠪᠣᠯᠤᠯ᠎ᠠ

ᠮᠣᠩᠭᠣᠯ ᠤᠨ ᠬᠦᠯ ᠪᠦᠮᠪᠦᠭᠡ ᠶᠢᠨ ᠬᠣᠯᠪᠣᠭ᠎ᠠ ᠶᠢᠨ 2021 ᠣᠨ ᠤ ᠤᠯᠠᠷᠢᠯ ᠢ  ᠨᠡᠭᠡᠭᠡᠵᠦ᠂ 《ᠠᠲᠯᠧᠲ᠋ᠢᠭ 220》᠂ 《ᠤᠯᠠᠭᠠᠨᠪᠠᠭᠠᠲᠤᠷ》 ᠺᠯᠦ᠋ᠪ  ᠦᠳ 《ᠰᠦᠫᠸᠷ ᠴᠣᠮᠣ》 ᠶᠢᠨ ᠲᠥᠯᠥᠭᠡ ᠲᠤᠭᠯᠠᠭᠠᠳ 《ᠤᠯᠠᠭᠠᠨᠪᠠᠭᠠᠲᠤᠷ》 ᠨᠡᠮᠡᠯᠲᠡ ᠴᠠᠭ ᠲᠤ 0᠄2 ᠬᠠᠷᠢᠴᠠᠭ᠎ᠠ ᠪᠠᠷ ᠬᠣᠵᠢᠯ᠎ᠠ᠃ ᠬᠣᠶᠠᠷ ᠪᠠᠭ ᠤᠨ ᠲᠣᠭᠯᠠᠯᠲᠠ ᠶᠢᠨ ᠦᠨᠳᠦᠰᠦᠨ ᠴᠠᠭ 0᠄0 ᠍ ᠢᠶᠡᠷ ᠥᠨᠳᠥᠷᠯᠡᠵᠦ ᠨᠡᠮᠡᠯᠲᠡ ᠴᠠᠭ ᠰᠤᠩᠭᠠᠬᠤ ᠳᠤ 《ᠤᠯᠠᠭᠠᠨᠪᠠᠭᠠᠲᠤᠷ》 ᠺᠯᠦ᠋ᠪ ᠪᠣᠯᠤᠨ ᠦᠨᠳᠦᠰᠦᠨ ᠦ ᠰᠢᠭᠰᠢᠭᠡ ᠪᠠᠭ ᠤᠨ ᠬᠠᠭᠠᠰ ᠬᠠᠮᠠᠭᠠᠯᠠᠭᠴᠢ ᠪ ∙ ᠪᠠᠯᠵᠢᠨᠨᠢᠮ᠎ᠠ 97 ᠳ᠋ᠡᠬᠢ ᠮᠢᠨᠦ᠋ᠲ ᠲᠤ ᠡᠬᠢᠨ ᠦ ᠪᠦᠮᠪᠦᠭᠡ ᠶᠢ ᠣᠷᠣᠭᠤᠯᠤᠭᠰᠠᠨ᠃
ᠤᠳᠠᠭᠠᠬᠢ ᠪᠦᠮᠪᠦᠭᠡ ᠶᠢ 《ᠠᠲᠯᠧᠲ᠋ᠢᠭ 220》  ᠡᠴᠡ 《ᠤᠯᠠᠭᠠᠨᠪᠠᠭᠠᠲᠤᠷ》  ᠲᠤ ᠰᠢᠯᠵᠢᠭᠰᠡᠨ ᠬᠠᠮᠠᠭᠠᠯᠠᠭᠴᠢ ᠳ ∙ ᠲᠥᠷᠦᠪᠠᠲᠤ 101 ᠳ᠋ᠡᠬᠢ ᠮᠢᠨᠦ᠋ᠲ ᠲᠤ ᠣᠷᠣᠭᠤᠯᠵᠤ ᠰᠢᠨ᠎ᠡ ᠪᠠᠭ ᠲᠤ ᠪᠠᠨ ᠥᠪᠡᠷ ᠢ ᠪᠡᠨ ᠬᠠᠷᠠᠭᠤᠯᠬᠤ ᠶᠢᠨ ᠵᠡᠷᠭᠡᠴᠡᠭᠡ ᠭᠤᠤᠯᠢ ᠶᠢᠨ ᠪᠠᠶᠠᠷ ᠢᠶᠠᠨ ᠲᠡᠮᠳᠡᠭᠯᠡᠯ ᠦᠭᠡᠢ ᠥᠩᠭᠡᠷᠡᠭᠡᠵᠦ ᠬᠠᠭᠤᠴᠢᠨ ᠪᠠᠭ ᠤᠨ ᠬᠢᠨ ᠳᠤ ᠪᠠᠨ ᠬᠦᠨᠳᠦᠳᠬᠡᠯ ᠦᠵᠡᠭᠦᠯᠦᠯ᠎ᠡ᠃ 120 ᠮᠢᠨᠦ᠋ᠲ ᠦᠷᠭᠦᠯᠵᠢᠯᠡᠭᠰᠡᠨ ᠰᠢᠷᠦᠭᠦᠨ ᠲᠡᠮᠡᠴᠡᠯ ᠦᠨ ᠡᠴᠦᠰ ᠲᠦ ᠢᠯᠠᠯᠲᠠ ᠪᠠᠶᠢᠭᠤᠯᠤᠭᠰᠠᠨ 《ᠤᠯᠠᠭᠠᠨᠪᠠᠭᠠᠲᠤᠷ》 ᠺᠯᠦ᠋ᠪ ᠠᠩᠬ᠎ᠠ ᠤᠳᠠᠭ᠎ᠠ 《 ᠰᠦᠫᠸᠷ ᠴᠣᠮᠣ》  ᠶᠢ ᠡᠷᠭᠦᠯ᠎ᠡ᠃

ᠰᠡᠳᠬᠢᠭᠳᠡᠯ ᠦᠯᠡᠳᠡᠭᠡᠬᠦ