10 ᠮᠢᠩᠭᠠᠨ ᠲᠣᠨ ᠠᠴᠠ ᠪᠠᠭ᠎ᠠ ᠦᠭᠡᠢ ᠨᠥᠭᠡᠴᠡ ᠶᠢᠨ ᠮᠢᠬ᠎ᠠ ᠪᠦᠷᠢᠳᠦᠭᠦᠯᠦᠨ᠎ᠡ | News.MN

10 ᠮᠢᠩᠭᠠᠨ ᠲᠣᠨ ᠠᠴᠠ ᠪᠠᠭ᠎ᠠ ᠦᠭᠡᠢ ᠨᠥᠭᠡᠴᠡ ᠶᠢᠨ ᠮᠢᠬ᠎ᠠ ᠪᠦᠷᠢᠳᠦᠭᠦᠯᠦᠨ᠎ᠡ

 

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠢᠶᠠᠷ ᠳᠠᠷᠠᠭᠠᠬᠢ ᠠᠷᠭ᠎ᠠ ᠬᠡᠮᠵᠢᠶ᠎ᠡ ᠶᠢ ᠠᠪᠴᠤ ᠠᠵᠢᠯᠯᠠᠬᠤ ᠶᠢ ᠠᠯᠪᠠᠨ ᠲᠤᠰᠢᠶᠠᠯᠲᠠᠳ ᠲᠤ ᠡᠭᠦᠷᠭᠡ ᠪᠣᠯᠭᠠᠯ᠎ᠠ᠃ ᠲᠣᠳᠣᠷᠠᠭᠤᠯᠪᠠᠯ᠂
§  ᠡᠳ᠋ ᠦᠨ ᠵᠠᠰᠠᠭ ᠤᠨ ᠡᠷᠭᠢᠯᠲᠡ ᠳᠦ ᠤᠷᠤᠭᠤᠯᠬᠤ ᠮᠠᠯ ᠤᠨ ᠲᠣᠭ᠎ᠠ ᠶᠢ ᠲᠣᠳᠣᠷᠬᠠᠶᠢᠯᠠᠵᠤ᠂ ᠡᠺᠰᠫᠣᠷᠲᠯᠠᠬᠤ ᠬᠤᠪᠢᠶᠠᠷᠢ᠂ ᠲᠥᠯᠥᠪᠯᠡᠭᠡ ᠭᠠᠷᠭᠠᠬᠤ᠃§

ᠨᠡᠶᠢᠰᠯᠡᠯ ᠦᠨ ᠬᠦᠮᠦᠨ ᠠᠮᠠ ᠶᠢᠨ ᠬᠡᠷᠡᠭᠴᠡᠭᠡᠨ ᠳᠦ ᠵᠣᠷᠢᠭᠤᠯᠤᠨ 10 ᠮᠢᠩᠭᠠᠨ ᠲᠣᠨ ᠠᠴᠠ ᠪᠠᠭ᠎ᠠ ᠦᠭᠡᠢ ᠬᠡᠮᠵᠢᠶᠡᠨ ᠦ ᠮᠢᠬ᠎ᠠ ᠪᠡᠯᠡᠳᠬᠡᠵᠦ᠂ ᠨᠥᠭᠡᠴᠡ ᠪᠦᠷᠢᠳᠦᠭᠦᠯᠬᠦ᠃
§  ᠠᠶᠢᠮᠠᠭ ᠳᠤᠮᠳᠠ ᠶᠢᠨ ᠣᠲᠣᠷ ᠤᠨ ᠪᠥᠰᠡ ᠨᠤᠲᠤᠭ ᠤᠨ ᠠᠰᠢᠭᠯᠠᠯᠲᠠ ᠶᠢᠨ ᠬᠤᠪᠢᠶᠠᠷᠢ ᠭᠠᠷᠭᠠᠬᠤ᠂ ᠨᠥᠬᠥᠴᠡᠯ ᠦᠢᠯᠡᠴᠢᠯᠡᠭᠡ ᠶᠢ ᠰᠠᠶᠢᠵᠢᠷᠠᠭᠤᠯᠬᠤ᠂ ᠣᠲᠣᠷᠯᠠᠬᠤ ᠮᠠᠯ ᠰᠦᠷᠦᠭ ᠢ ᠡᠷᠡᠭᠦᠯ ᠮᠡᠨᠳᠦ ᠶᠢᠨ ᠦᠵᠡᠯᠭᠡ᠂ ᠤᠭᠢᠶᠠᠯᠭ᠎ᠠ᠂ ᠲᠠᠷᠢᠯᠭ᠎ᠠ ᠳᠤ ᠬᠠᠮᠤᠷᠤᠭᠤᠯᠬᠤ᠃§

ᠡᠪᠦᠯ᠂ ᠬᠠᠪᠤᠷ ᠤᠨ ᠮᠠᠯ ᠤᠨ ᠲᠡᠵᠢᠭᠡᠯ ᠦᠨ ᠬᠡᠷᠡᠭᠴᠡᠭᠡ ᠶᠢ ᠬᠠᠷᠠᠭᠠᠯᠵᠠᠨ ᠳᠣᠲᠣᠭᠠᠳᠤ ᠳᠦ ᠪᠡᠯᠡᠳᠬᠡᠭᠰᠡᠨ ᠡᠪᠡᠰᠦ᠂ ᠲᠡᠵᠢᠭᠡᠯ ᠤᠨ ᠡᠺᠰᠫᠣᠷᠲ ᠢ ᠲᠦᠷ ᠬᠢᠵᠠᠭᠠᠷᠯᠠᠬᠤ ᠡᠰᠡᠬᠦ᠃
§  ᠶᠡᠬᠡ ᠴᠠᠰᠤ᠂ ᠬᠦᠴᠦᠲᠡᠢ ᠰᠠᠯᠬᠢ᠂ ᠴᠠᠰᠤᠨ ᠰᠢᠭᠤᠷᠭ᠎ᠠ ᠵᠡᠷᠭᠡ ᠴᠠᠭ ᠠᠭᠠᠷ ᠤᠨ ᠠᠶᠤᠯ ᠲᠠᠢ ᠪᠣᠯᠤᠨ ᠭᠠᠮᠰᠢᠭᠲᠤ ᠦᠵᠡᠭᠳᠡᠯ ᠦᠨ ᠪᠣᠭᠣᠨᠢ ᠪᠣᠯᠤᠨ ᠳᠤᠮᠳᠠ ᠬᠤᠭᠤᠴᠠᠭᠠᠨ ᠤ ᠤᠷᠢᠳᠴᠢᠯᠠᠭᠰᠠᠨ ᠮᠡᠳᠡᠭᠡ᠂ ᠨᠠᠮᠤᠷ᠂ ᠡᠪᠦᠯ ᠦᠨ ᠰᠠᠷ᠎ᠠ ᠶᠢᠨ ᠪᠣᠯᠤᠨ ᠤᠯᠠᠷᠢᠯ ᠤᠨ ᠴᠠᠭ ᠠᠭᠠᠷ ᠤᠨ ᠤᠷᠢᠳᠴᠢᠯᠠᠭᠰᠠᠨ ᠲᠥᠯᠥᠪ ᠢᠶᠡᠷ ᠲᠣᠭᠲᠠᠮᠠᠯ ᠬᠠᠩᠭᠠᠬᠤ᠂ ᠡᠪᠦᠯ᠂ ᠬᠠᠪᠤᠷ ᠤᠨ ᠤᠯᠠᠷᠢᠯ ᠤᠨ ᠪᠡᠯᠴᠢᠭᠡᠷ ᠦᠨ ᠳᠠᠭᠠᠭᠠᠴᠠ ᠶᠢ ᠲᠣᠭᠠᠴᠠᠵᠤ᠂ ᠦᠷ᠎ᠡ ᠳ᠋ᠦᠩ ᠳᠦ ᠲᠤᠯᠭᠠᠭᠤᠷᠢᠯᠠᠨ ᠡᠷᠡᠰᠳᠡᠯ ᠢ ᠪᠠᠭᠤᠷᠠᠭᠤᠯᠬᠤ ᠲᠥᠯᠥᠪᠯᠡᠭᠡ ᠭᠠᠷᠭᠠᠨ ᠠᠵᠢᠯᠯᠠᠬᠤ ᠵᠡᠷᠭᠡ ᠠᠵᠢᠯ ᠤᠳ ᠢ ᠡᠭᠦᠷᠭᠡ ᠪᠣᠯᠭᠠᠪᠠ ᠭᠡᠵᠦ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ ᠲᠡᠢ ᠬᠠᠷᠢᠯᠴᠠᠬᠤ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ