ᠮᠣᠩᠭᠣᠯ ᠤᠨ ᠭᠣᠪᠢ ᠳᠤ ᠬᠡᠷᠡᠭᠵᠢᠵᠦ ᠪᠤᠢ ᠵᠡᠰ ᠦᠨ ᠭᠦᠨ ᠦ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠬᠣᠶᠢᠰᠢᠯᠠᠭᠰᠠᠨ ᠲᠠᠢ ᠬᠣᠯᠪᠣᠭ᠎ᠠ ᠲᠠᠢ 《 ᠷᠢᠤ᠋ ᠲᠢᠨᠲ᠋ᠤ᠋》 ᠭᠷᠦ᠋ᠫ ᠲᠦ ᠶᠡᠬᠡ ᠪᠷᠢᠲ᠋ᠠᠨ ᠤ ᠰᠠᠩᠬᠦᠦ ᠶᠢᠨ ᠵᠣᠬᠢᠴᠠᠭᠤᠯᠬᠤ ᠪᠠᠶᠢᠭᠤᠯᠤᠯᠭ᠎ᠠ ᠬᠢᠨᠠᠯᠲᠠ ᠰᠢᠯᠭᠠᠯᠲᠠ ᠶᠢᠨ ᠠᠵᠢᠯᠯᠠᠭ᠎ᠠ ᠶᠠᠪᠤᠭᠤᠯᠵᠤ ᠪᠠᠶᠢᠭ᠎ᠠ ᠲᠠᠯ᠎ᠠ ᠪᠠᠷ Financial Times ᠮᠡᠳᠡᠭᠡᠯᠡᠵᠡᠢ᠃ ᠲᠡᠳᠡ 2018᠂ 2019 ᠣᠨ ᠳᠤ ᠤᠭ᠍ᠶᠤᠲᠤᠯᠤᠭᠠᠢ ᠲᠥᠰᠥᠯ ᠦᠨ ᠦᠨᠡᠯᠡᠭᠡ ᠶᠢ ᠮᠡᠳᠡᠭᠡᠯᠡᠬᠦ ᠳᠦ ᠪᠡᠨ ᠦᠨᠡᠲᠦ ᠴᠠᠭᠠᠰᠤᠨ ᠤ ᠵᠢᠷᠤᠮ ᠢ ᠵᠥᠷᠢᠴᠡᠭᠰᠡᠨ ᠡᠰᠡᠬᠦ ᠶᠢ ᠲᠣᠳᠣᠷᠠᠭᠤᠯᠬᠤ ᠪᠠᠷ ᠤᠭ ᠰᠢᠯᠭᠠᠯᠲᠠ ᠶᠢ ᠬᠢᠵᠦ ᠪᠠᠶᠢᠭ᠎ᠠ ᠠᠵᠠᠢ᠃
ᠮᠣᠩᠭᠣᠯ ᠤᠯᠤᠰ ᠤᠨ ᠵᠠᠰᠠᠭ ᠤᠨ ᠭᠠᠵᠠᠷ᠂ 《 ᠷᠢᠤ᠋ ᠲᠢᠨᠲ᠋ᠤ᠋》 ᠭᠷᠦ᠋ᠫ ᠦᠨ ᠲᠥᠯᠥᠭᠡᠯᠡᠯ ᠲᠡᠢ ᠬᠡᠯᠡᠯᠴᠡᠭᠡ ᠬᠢᠭᠰᠡᠨ ᠴᠤ ᠣᠳᠣ ᠪᠠᠷ ᠶᠠᠮᠠᠷ ᠨᠢᠭᠡᠨ ᠰᠢᠢᠳᠪᠦᠷᠢ ᠭᠠᠷᠤᠭ᠎ᠠ ᠦᠭᠡᠢ ᠬᠡᠪ ᠢᠶᠡᠷ ᠪᠠᠶᠢᠭ᠎ᠠ ᠶᠤᠮ᠃ ᠠᠵᠢᠯ ᠤᠨ ᠬᠡᠰᠡᠭ ᠡᠭᠦᠰᠦᠭᠡᠳ ᠪᠤᠢ ᠠᠰᠠᠭᠤᠳᠠᠯ ᠢ ᠬᠦᠨᠳᠡᠯᠡᠨ ᠦ ᠰᠢᠨᠵᠢᠭᠡᠴᠢ ᠪᠡᠷ ᠳ᠋ᠦᠩᠨᠡᠭᠦᠯᠬᠦ ᠪᠡᠷ ᠰᠢᠢᠳᠦᠭᠰᠡᠨ ᠪᠥᠭᠡᠳ ᠤᠭ ᠳ᠋ᠦᠩᠨᠡᠯᠲᠡ ᠨᠠᠢ᠌ᠮᠠᠳᠤᠭᠠᠷ ᠰᠠᠷ᠎ᠠ ᠶᠢᠨ ᠡᠬᠢ ᠪᠡᠷ ᠭᠠᠷᠬᠤ ᠮᠡᠳᠡᠭᠡᠯᠡᠯ ᠪᠠᠢᠨ᠎ᠠ᠃