ᠮᠣᠩᠭᠤᠯ ᠤᠨ ᠰᠢᠲᠠᠷᠠᠴᠢᠳ 19250  ᠳ᠋ᠣᠯᠯᠠᠷ ᠤᠨ ᠱᠠᠩᠨᠠᠯ ᠤᠨ ᠡᠵᠡᠨ ᠪᠤᠯᠤᠯ᠎ᠠ | News.MN

 ᠮᠣᠩᠭᠤᠯ ᠤᠨ ᠰᠢᠲᠠᠷᠠᠴᠢᠳ 19250  ᠳ᠋ᠣᠯᠯᠠᠷ ᠤᠨ ᠱᠠᠩᠨᠠᠯ ᠤᠨ ᠡᠵᠡᠨ ᠪᠤᠯᠤᠯ᠎ᠠ

ᠡᠨᠡ ᠰᠠᠷ᠎ᠠ ᠶᠢᠨ ᠠᠷᠪᠠᠨ ᠨᠢᠭᠡᠨ ᠡᠴᠡ ᠢᠷᠡᠬᠦ ᠨᠠᠢᠮᠠᠳᠤᠭᠠᠷ ᠰᠠᠷ᠎ᠠ ᠶᠢᠨ 8 ᠤ ᠡᠳᠦᠷ ᠤᠨ ᠬᠤᠭᠤᠷᠦᠡᠳᠦ ᠣᠷᠣᠰ    ᠤᠨ ᠰᠤᠴᠢ ᠬᠤᠲᠠ ᠳᠤ ᠵᠤᠬᠢᠶᠠᠭᠳᠠᠬᠤ ᠵᠥᠪᠬᠡᠨ ᠦᠡᠳᠦᠷ ᠵᠡᠷᠭᠡᠯᠡᠯ ᠤᠨ ᠰᠢᠲᠠᠷᠠᠴᠢᠳ ᠣᠷᠣᠯᠴᠠᠳᠠᠭ ᠳᠡᠯᠡᠬᠡᠢ ᠶᠢᠨ ᠬᠡᠮᠵᠢᠶᠡᠨ ᠤ ᠲᠣᠮᠤᠬᠠᠨ ᠲᠡᠮᠡᠴᠡᠭᠡᠨ︽ᠳᠡᠯᠡᠬᠡᠢ ᠶᠢᠨ ᠴᠣᠮᠤ 2021︾  ᠳᠤ ᠮᠣᠩᠭᠤᠯ ᠤᠯᠤᠰ ᠢᠶᠠᠨ ᠲᠥᠯᠥᠭᠡᠯᠡᠨ ᠳ᠋᠊ · ᠪᠠᠲᠤᠰᠦ᠋ᠷᠦᠩ᠂ ᠰ᠊ · ᠭᠠᠩᠡᠷᠳᠡᠨᠢ᠂  ᠪ ∙ ᠮᠦᠩᠭᠦᠨᠲᠤᠤᠯᠠ᠂ ᠲ᠊ · ᠮᠥᠩᠬᠡᠵᠤᠯᠠ ᠨᠠᠷ ᠤᠨ ᠰᠢᠯᠢᠳᠡᠭ ᠳᠥᠷᠪᠡᠨ ᠰᠢᠲᠠᠷᠠᠴᠢᠨ ᠣᠷᠣᠯᠴᠠᠯ᠎ᠠ᠃

ᠲᠡᠳᠡ ᠨᠡᠶᠢᠲᠡ ᠳᠡᠭᠡᠨ 19250 ᠳ᠋ᠣᠯᠯᠠᠷ ᠤᠨ ᠱᠠᠩᠨᠠᠯ ᠤᠨ ᠡᠵᠡᠨ ᠪᠤᠯᠪᠠ᠃ ᠲᠣᠳᠣᠷᠠᠭᠤᠯᠪᠠᠯ᠂ ᠳ᠋᠊ · ᠪᠠᠲᠤᠰᠦ᠋ᠷᠦᠩ᠂ ᠰ᠊ ·ᠭᠠᠩᠡᠷᠳᠡᠨᠢ ᠲᠤᠰ ᠪᠦᠷᠢ 3750 ᠳ᠋ᠣᠯᠯᠠᠷ ᠤᠨ ᠱᠠᠩᠨᠠᠯ ᠬᠦᠷᠲᠡᠭᠰᠡᠨ ᠪᠣᠯ ᠲ᠊ · ᠮᠥᠩᠬᠡᠵᠤᠯᠠ 5000 ᠳ᠋ᠣᠯᠯᠠᠷ ᠤᠨ ᠱᠠᠩᠨᠠᠯ᠂ ᠪ∙ᠮᠦᠩᠭᠦᠨᠲᠤᠤᠯᠠ 6750 ᠳ᠋ᠣᠯᠯᠠᠷ ᠤᠨ ᠱᠠᠩᠨᠠᠯ  ᠬᠦᠷᠲᠡᠯ᠎ᠡ᠃

ᠰᠡᠳᠬᠢᠭᠳᠡᠯ ᠦᠯᠡᠳᠡᠭᠡᠬᠦ