ᠮᠠᠨ ᠤ ᠲᠠᠮᠢᠷᠴᠢᠨ ᠤ ᠬᠤᠪᠴᠠᠰᠤᠯᠠᠯ ᠣᠯᠢᠮᠫᠢᠺ  ᠤᠨ ᠰᠲ᠋ᠠᠨᠳᠠᠷᠲ ᠲᠤ ᠨᠡᠶᠢᠴᠡᠭᠡ ᠦᠭᠡᠢ ᠪᠠᠶᠢᠨ᠎ᠡ | News.MN

ᠮᠠᠨ ᠤ ᠲᠠᠮᠢᠷᠴᠢᠨ ᠤ ᠬᠤᠪᠴᠠᠰᠤᠯᠠᠯ ᠣᠯᠢᠮᠫᠢᠺ  ᠤᠨ ᠰᠲ᠋ᠠᠨᠳᠠᠷᠲ ᠲᠤ ᠨᠡᠶᠢᠴᠡᠭᠡ ᠦᠭᠡᠢ ᠪᠠᠶᠢᠨ᠎ᠡ

ᠲᠣᠣᠺᠢᠣ᠋ ᠶᠢᠨ ᠣᠯᠢᠮᠫᠢᠺ ᠤᠨ ᠨᠠᠭᠠᠳᠤᠮ ᠳᠤ ᠡᠮᠡᠭᠲᠡᠶᠢᠴᠦᠳ ᠤᠨ ᠪᠣᠺᠰ ᠤᠨ ᠲᠥᠷᠥᠯ ᠳᠤ ᠮᠠᠨ ᠤ ᠤᠯᠤᠰ ᠠᠴᠠ ᠠᠩᠬ᠎ᠠ ᠤᠳᠠᠭ᠎ᠠ ᠣᠷᠣᠯᠴᠠᠵᠤ᠂ ᠬᠦᠴᠦ ᠰᠣᠷᠢᠭᠰᠠᠨ ᠶᠤᠮ᠃ ᠲᠣᠳᠣᠷᠠᠭᠤᠯᠪᠠᠯ᠂ ᠡᠮᠡᠭᠳᠡᠢ 75 ᠺᠢᠯᠣᠭ᠍ᠷᠠᠮ  ᠤᠨ ᠵᠢᠩ ᠳᠤ ᠮ᠊ ∙ ᠮᠢᠭᠮᠠᠷᠵᠢᠷᠭᠠᠯ ᠣᠷᠣᠯᠴᠠᠵᠤ ᠪᠤᠶ ᠃ ᠲᠡᠷᠡ ᠪᠠᠷ ᠳᠥᠩᠭᠡᠵᠢ ᠰᠠᠶᠢ ᠡᠬᠢᠨ ᠤ ᠲᠡᠮᠡᠴᠡᠭᠡᠨ ᠳᠡᠭᠡᠨ  ᠠᠩᠭ᠍ᠯᠢ  ᠶᠢᠨ ᠪᠣᠻᠰᠴᠢᠨ ᠲᠠᠢ ᠲᠣᠭᠯᠠᠵᠤ 5᠄ 0 ᠬᠠᠷᠢᠴᠠᠯ ᠲᠠᠢ ᠪᠠᠷ ᠬᠤᠵᠢᠭᠳᠠᠯ ᠬᠦᠯᠢᠶᠡᠭᠰᠡᠨ᠃
ᠲᠡᠷᠡ ᠪᠠᠷ ᠲᠤᠯᠤᠭᠠᠨ ᠳᠤ ᠪᠠᠨ ᠮᠣᠩᠭᠤᠯ ᠤᠯᠤᠰ ᠤᠨ ᠲᠠᠮᠢᠷᠴᠢᠨ ᠭᠡᠳᠡᠭ ᠢᠶᠠᠨ ᠢᠯᠡᠳᠬᠡᠭᠰᠡᠨ ᠲᠡᠮᠳᠡᠭ ᠪᠦᠬᠦᠶ  ᠬᠤᠪᠴᠠᠰᠤ ᠡᠮᠦᠰᠬᠡᠯ ᠡᠮᠦᠰᠦᠭᠡ ᠦᠭᠡᠢ ᠨᠢ ᠣᠯᠠᠨ ᠤ ᠠᠩᠬᠠᠷᠤᠯ ᠢ ᠲᠠᠲᠠᠵᠤ᠂ ᠪᠠᠭ᠎ᠠ ᠦᠭᠡᠶ ᠰᠢᠭᠦᠮᠵᠢᠯᠡᠯ ᠳᠠᠭᠠᠭᠤᠯᠤᠭᠠᠳ ᠪᠠᠶᠢᠨ᠎ᠡ᠃  ᠮᠠᠨ ᠤ ᠲᠠᠮᠢᠷᠴᠢᠳ ᠤᠨ ᠡᠮᠦᠰᠬᠡᠯ ᠳᠡᠭᠡᠷ᠎ᠡ ᠣᠯᠢᠮᠫᠢᠺ  ᠤᠨ ᠢᠪᠡᠭᠡᠨ ᠲᠡᠳᠬᠦᠭᠴᠢ ᠪᠠᠶᠢᠭᠤᠯᠤᠯᠭ᠎ᠠ ᠨᠤᠭᠤᠳ ᠤᠨ ᠲᠡᠮᠳᠡᠭ ᠪᠠᠶᠢᠭᠰᠠᠨ ᠤᠴᠢᠷ ᠲᠤᠬᠠᠢ ᠶᠢᠨ ᠬᠤᠪᠴᠠᠰᠤ ᠲᠠᠢ ᠲᠤᠯᠤᠯᠳᠤᠬᠤ ᠶᠢ ᠣᠯᠠᠨ ᠤᠯᠤᠰ ᠤᠨ ᠣᠯᠢᠮᠫᠢᠺ  ᠤᠨ ᠬᠤᠷᠢᠶ᠎ᠠ ᠲᠠᠲᠠᠭᠠᠯᠵᠠᠭᠰᠠᠨ ᠪᠠᠶᠢᠨ᠎ᠡ᠃ ᠲᠡᠶᠢᠮᠦ ᠠᠴᠠ ᠶᠡᠮᠡᠷ ᠨᠢᠭᠡ ᠪᠢᠴᠢᠭ᠂ ᠯᠣᠭᠤ ᠦᠭᠡᠢ  ᠬᠤᠪᠴᠠᠰᠤ ᠡᠮᠦᠰᠴᠦ ᠲᠡᠮᠡᠴᠡᠭᠡᠨ ᠳᠦ ᠤᠷᠤᠯᠴᠠᠵᠠᠢ᠃

ᠰᠡᠳᠬᠢᠭᠳᠡᠯ ᠦᠯᠡᠳᠡᠭᠡᠬᠦ