ᠤᠯᠤᠰ ᠤᠨ ᠬᠡᠮᠵᠢᠶᠡᠨ ᠳᠤ ᠢᠨᠹᠯᠢᠶᠠᠼ 2.5 ᠬᠤᠪᠢ ᠲᠠᠶ ᠪᠠᠶᠢᠨ᠎ᠡ  | News.MN

ᠤᠯᠤᠰ ᠤᠨ ᠬᠡᠮᠵᠢᠶᠡᠨ ᠳᠤ ᠢᠨᠹᠯᠢᠶᠠᠼ 2.5 ᠬᠤᠪᠢ ᠲᠠᠶ ᠪᠠᠶᠢᠨ᠎ᠡ 

ᠮᠣᠩᠭᠤᠯ ᠪᠠᠩᠬᠢ ᠠᠴᠠ ᠭᠠᠷᠭᠠᠭᠰᠠᠨ ᠬᠤᠶᠠᠳᠤᠭᠠᠷ ᠤᠯᠠᠷᠢᠯ ᠤᠨ ᠢᠨᠹᠯᠢᠶᠠᠼ ᠤᠨ ᠲᠠᠢᠯᠤᠨ ᠳᠤ ᠵᠢᠯ ᠤᠨ ᠢᠨᠹᠯᠢᠶᠠᠼ ᠤᠯᠤᠰ ᠤᠨ ᠬᠡᠮᠵᠢᠶᠡᠨ ᠳᠤ 2.5᠂ ᠤᠯᠠᠭᠠᠨᠪᠠᠭᠠᠲᠤᠷ ᠬᠤᠲᠠ ᠳᠤ 1.8 ᠬᠤᠪᠢ ᠪᠠᠶᠢᠪᠠ᠃  ᠲᠠᠪᠤᠳᠤᠭᠠᠷ ᠰᠠᠷ᠎ᠠ ᠳᠤ ᠢᠨᠹᠯᠢᠶᠠᠼ ᠤᠯᠤᠰ ᠤᠨ ᠬᠡᠮᠵᠢᠶᠡᠨ ᠳᠤ ᠵᠢᠯ ᠤᠨ 6.2᠂ ᠤᠯᠠᠭᠠᠨᠪᠠᠭᠠᠲᠤᠷ ᠬᠤᠲᠠ ᠶᠢᠨ ᠬᠡᠮᠵᠢᠶᠡᠨ ᠳᠤ 6.7 ᠬᠤᠪᠢ ᠪᠣᠯᠵᠤ ᠨᠡᠮᠡᠭᠳᠡᠬᠦ ᠳᠤ ᠨᠡᠶᠢᠯᠡᠭᠦᠯᠦᠯᠲᠡ ᠶᠢᠨ ᠰᠢᠨᠵᠢ ᠲᠠᠢ ᠬᠦᠴᠦᠨ ᠵᠦᠶᠯ ᠨᠥᠯᠥᠭᠡᠯᠡᠭᠰᠡᠨ ᠪᠠᠶᠢᠨ᠎ᠡ᠃ ᠮᠢᠬᠠᠨ ᠤ ᠦᠨ᠎ᠡ ᠵᠢᠯ ᠤᠨ ᠢᠨᠹᠯᠢᠶᠠᠼ ᠤᠨ 2.0 ᠨᠢᠭᠡᠴᠢ ᠬᠤᠪᠢ ᠶᠢ ᠪᠦᠷᠢᠳᠦᠭᠦᠯᠪᠡ᠃ ᠳᠡᠯᠡᠬᠡᠢ ᠶᠢᠨ ᠵᠠᠬ᠎ᠠ ᠵᠡᠭᠡᠯᠢ ᠳᠡᠭᠡᠷᠡᠬᠢ ᠭᠠᠵᠠᠷ ᠤᠨ ᠲᠣᠰᠤᠨ ᠤ ᠦᠨ᠎ᠡ ᠣᠭᠴᠤᠮ ᠤᠨᠠᠭᠰᠠᠨ ᠨᠢ ᠮᠠᠨ ᠤ ᠬᠢᠯᠢ ᠶᠢᠨ ᠦᠨ᠎ᠡ ᠪᠠᠷ ᠳᠡᠮᠵᠢᠨ ᠳᠣᠲᠣᠭᠠᠳᠤ ᠶᠢᠨ ᠦᠨ᠎ᠡ ᠳᠤ  ᠨᠦᠯᠦᠭᠡᠯᠡᠵᠡᠢ᠃
ᠨᠢᠭᠡᠳᠦᠭᠡᠷ ᠤᠯᠠᠷᠢᠯ ᠤᠨ ᠳᠤᠮᠳᠠᠴᠢ ᠢᠨᠹᠯᠢᠶᠠᠼ 1.8 ᠬᠤᠪᠢ ᠭᠠᠷᠤᠭᠰᠠᠨ ᠨᠢ ᠲᠥᠰᠥᠭᠡᠯᠡᠯ ᠠᠴᠠ 0.2  ᠨᠢᠭᠡᠴᠢ ᠬᠤᠪᠢ ᠪᠠᠷ ᠳᠡᠭᠡᠭᠦᠷ ᠪᠠᠶᠢᠪᠠ᠃ ᠬᠤᠷᠢᠭᠠᠨ ᠤ ᠳᠢᠭᠯᠢᠮ ᠰᠤᠯᠠᠷᠠᠵᠤ᠂ ᠭᠠᠳᠠᠭᠠᠳᠤ ᠡᠳ᠋ ᠤᠨ ᠵᠠᠰᠠᠭ ᠤᠨ ᠲᠠᠭᠠᠲᠠᠢ ᠪᠠᠶᠢᠳᠠᠯ ᠪᠤᠯᠦᠠ ᠡᠳ᠋ ᠤᠨ ᠵᠠᠰᠠᠭ ᠢ ᠰᠡᠷᠭᠦᠭᠡᠬᠦ ᠪᠣᠳᠣᠯᠭ᠎ᠠ ᠶᠢᠨ ᠦᠶᠯᠡ ᠠᠵᠢᠯᠯᠠᠭᠠᠨ ᠤ ᠨᠥᠯᠥᠭᠡ ᠪᠠᠷ ᠳᠣᠲᠤᠭᠠᠳᠤ ᠡᠷᠢᠯᠲᠡ ᠰᠡᠷᠭᠦᠵᠦ᠂ ᠡᠷᠢᠯᠲᠡ ᠶᠢᠨ ᠰᠢᠨᠵᠢ ᠲᠠᠢ ᠢᠨᠹᠯᠶᠠᠼ ᠠᠯᠭᠤᠷ ᠨᠡᠮᠡᠭᠳᠡᠬᠦ ᠲᠥᠯᠥᠪ ᠲᠡᠢ ᠶᠢ ᠲᠠᠢᠯᠤᠨ ᠳᠤ ᠳᠤᠷᠠᠳᠴᠠᠢ᠃

ᠰᠡᠳᠬᠢᠭᠳᠡᠯ ᠦᠯᠡᠳᠡᠭᠡᠬᠦ