ᠮᠣᠩᠭᠤᠯ ᠤᠯᠤᠰ ᠤᠨ ᠪᠠᠶᠠᠯᠢᠭ ᠤᠨ ᠵᠠᠰᠠᠭᠯᠠᠯ ᠤᠨ ᠢᠨᠳᠧᠺᠰ 70 ᠣᠨᠤᠭ᠎ᠠ  ᠪᠤᠯᠵᠠᠢ | News.MN

ᠮᠣᠩᠭᠤᠯ ᠤᠯᠤᠰ ᠤᠨ ᠪᠠᠶᠠᠯᠢᠭ ᠤᠨ ᠵᠠᠰᠠᠭᠯᠠᠯ ᠤᠨ ᠢᠨᠳᠧᠺᠰ 70 ᠣᠨᠤᠭ᠎ᠠ  ᠪᠤᠯᠵᠠᠢ

 

ᠪᠠᠶᠢᠭᠠᠯᠢ ᠶᠢᠨ ᠪᠠᠶᠠᠯᠢᠭ ᠤᠨ ᠵᠠᠰᠠᠭᠯᠠᠯ ᠤᠨ ᠬᠦᠷᠢᠶᠡᠯᠡᠩ ᠠᠴᠠ 2021 ᠣᠨ ᠤ ᠪᠠᠶᠢᠭᠠᠯᠢ ᠶᠢᠨ ᠪᠠᠶᠠᠯᠢᠭ ᠤᠨ ᠵᠠᠰᠠᠭᠯᠠᠯ ᠤᠨ ᠢᠨᠳᠧᠺᠰ ᠢ ᠲᠠᠨᠢᠯᠴᠠᠭᠤᠯᠤᠯ᠎ᠠ᠃ ᠮᠣᠩᠭᠤᠯ ᠤᠯᠤᠰ ᠨᠢ 100 ᠠᠴᠠ 70 ᠣᠨᠤᠭ᠎ᠠ ᠤᠯᠵᠤ᠂  ᠠᠭᠤᠯᠠ ᠠᠭᠤᠷᠬᠠᠢ ᠶᠢᠨ ᠰᠠᠯᠪᠤᠷᠢ︽ᠬᠠᠩᠭᠠᠯᠲᠠ ᠲᠠᠢ︾ᠦᠨᠡᠯᠡᠭᠡ ᠪᠠᠨ ᠬᠠᠳᠠᠭᠠᠯᠠᠭᠰᠠᠨ ᠪᠠᠶᠢᠨ᠎ᠡ᠃ ᠡᠨᠡ ᠨᠢ 2017 ᠣᠨ ᠳᠤ ᠭᠠᠷᠭᠠᠭᠰᠠᠨ ᠡᠮᠦᠨᠡᠬᠢ ᠦᠨᠡᠯᠡᠭᠡ ᠠᠴᠠ ᠵᠢᠷᠭᠤᠭᠠᠨ ᠤᠨᠤᠭ᠎ᠠ ᠪᠠᠷ ᠥᠰᠦᠭᠰᠡᠨ ᠦᠵᠡᠭᠦᠯᠦᠯᠲᠡ ᠪᠣᠯᠣᠯ᠎ᠠ᠃

ᠬᠠᠷᠢᠨ  ᠠᠭᠤᠯᠠ ᠠᠭᠤᠷᠬᠠᠢ ᠠᠴᠠ ᠦᠨ᠎ᠡ ᠴᠡᠨ᠎ᠡ ᠬᠦᠷᠲᠡᠬᠦ ᠪᠠᠶᠢᠳᠠᠯ ᠤᠨ ᠦᠵᠡᠭᠦᠯᠦᠯᠲᠡ ᠪᠠᠷ ᠤᠬᠤᠷᠢᠵᠠᠢ᠃ ᠡᠨᠡ ᠨᠢ  ᠠᠭᠤᠯᠠ ᠠᠭᠤᠷᠬᠠᠢ ᠶᠢᠨ ᠰᠠᠯᠪᠤᠷᠢ ᠶᠢᠨ ᠣᠷᠣᠨ ᠨᠤᠲᠤᠭ ᠤᠨ ᠪᠠᠶᠢᠭᠠᠯᠢ ᠣᠷᠴᠢᠨ᠂ ᠨᠡᠶᠢᠭᠡᠮ ᠳᠤ ᠦᠵᠡᠭᠦᠯᠵᠦ ᠪᠤᠶ ᠨᠥᠯᠥᠭᠡᠯᠡᠯ ᠤᠨ ᠬᠤᠪᠢ ᠳᠤ ᠵᠠᠰᠠᠭᠯᠠᠯ ᠳᠣᠷᠣᠶᠢᠲᠠᠭᠰᠠᠨ ᠲᠠᠢ ᠬᠤᠯᠪᠣᠭ᠎ᠠ ᠲᠠᠢ ᠭᠡᠰᠡᠨ ᠪᠠᠶᠢᠨ᠎ᠡ᠃ ᠨᠥᠬᠦᠨ ᠰᠡᠷᠭᠦᠭᠡᠯᠲᠡ ᠬᠢᠬᠦ᠂ ᠠᠭᠤᠷᠬᠠᠢ ᠶᠢ ᠬᠠᠭᠠᠬᠤ ᠦᠶᠯᠡ ᠠᠵᠢᠯᠯᠠᠭ᠎ᠠ ᠶᠢ ᠵᠣᠬᠢᠴᠠᠭᠤᠯᠤᠭᠰᠠᠨ ᠲᠦᠷᠢᠮ ᠵᠢᠷᠤᠮ ᠲᠠᠢ ᠬᠤᠯᠪᠣᠭ᠎ᠠ ᠲᠠᠢ ᠦᠨᠡᠯᠡᠭᠡ ᠶᠢ ᠢᠯᠡ ᠲᠤᠳᠦ ᠮᠡᠳᠡᠭᠡᠯᠡᠬᠦ ᠦᠭᠡᠢ ᠪᠠᠶᠢᠭ᠎ᠠ ᠨᠢ ᠭᠤᠣᠯ ᠠᠰᠠᠭᠤᠳᠠᠯ ᠤᠳ ᠤᠨ ᠨᠢᠭᠡ ᠬᠡᠪ ᠢᠶᠠᠷ ᠪᠠᠶᠢᠭ᠎ᠠ ᠶᠢ ᠣᠨᠴᠠᠯᠠᠯ᠎ᠠ᠃

ᠰᠡᠳᠬᠢᠭᠳᠡᠯ ᠦᠯᠡᠳᠡᠭᠡᠬᠦ