ᠤ᠊ · ᠬᠦᠷᠡᠯᠰᠦ᠋ᠬᠡ᠄ ᠲᠣᠣᠺᠢᠣ᠋ ᠶᠢᠨ ᠲᠩᠷᠢ ᠳᠤ ᠮᠣᠩᠭᠤᠯ ᠤᠨ ᠳᠠᠯᠪᠠᠭ᠎ᠠ ᠣᠯᠠᠨᠲᠠ ᠮᠠᠨᠳᠤᠬᠤ ᠪᠤᠯᠲᠦᠭᠠᠢ | News.MN

  ᠤ᠊ · ᠬᠦᠷᠡᠯᠰᠦ᠋ᠬᠡ᠄ ᠲᠣᠣᠺᠢᠣ᠋ ᠶᠢᠨ ᠲᠩᠷᠢ ᠳᠤ ᠮᠣᠩᠭᠤᠯ ᠤᠨ ᠳᠠᠯᠪᠠᠭ᠎ᠠ ᠣᠯᠠᠨᠲᠠ ᠮᠠᠨᠳᠤᠬᠤ ᠪᠤᠯᠲᠦᠭᠠᠢ

ᠮᠣᠩᠭᠤᠯ ᠤᠯᠤᠰ ᠤᠨ ᠶᠡᠷᠦᠩᠬᠡᠶᠢᠯᠡᠭᠴᠢ ᠤ᠊ · ᠬᠦᠷᠡᠯᠰᠦ᠋ᠬᠡ ︽ᠲᠤᠤᠺᠢᠣ᠋ 2020︾ ᠤᠯᠢᠮᠫᠢᠺ  ᠤᠨ ᠨᠠᠭᠠᠳᠤᠮ ᠳᠤ ᠣᠷᠣᠯᠴᠠᠵᠤ ᠪᠤᠶ ᠲᠠᠮᠢᠷᠴᠢᠳ ᠲᠤ  ᠠᠮᠵᠢᠯᠲᠠ  ᠬᠦᠰᠡᠵᠦ᠂ ᠮᠡᠨᠳᠦᠴᠢᠯᠡᠭᠡ ᠳᠡᠪᠰᠢᠭᠦᠯᠵᠡᠢ᠃
ᠮᠡᠨᠳᠤᠴᠢᠯᠡᠭᠡᠨ ᠳᠤ᠄ ᠮᠣᠩᠭᠣᠯ ᠤᠨ ᠤᠯᠢᠮᠫᠢᠺ  ᠤᠨ ᠲᠠᠮᠢᠷᠴᠢᠳ ᠡ᠂ ᠬᠥᠮᠦᠨ ᠲᠥᠷᠥᠯᠬᠢᠲᠡᠨ ᠤ ᠡᠪ ᠨᠢᠭᠡᠳᠦᠯ ᠤᠨ ᠢᠯᠡᠷᠬᠡᠶᠢᠯᠡᠯ᠂ ᠰᠫᠣᠷᠲ ᠤᠨ ᠴᠡᠩᠭᠡᠯ ᠤᠨ ᠮᠡᠩᠯᠡᠢ ᠵᠤᠨ ᠤ ᠭᠤᠴᠢᠨ ᠬᠤᠶᠠᠳᠤᠭᠠᠷ ᠤᠯᠢᠮᠫᠢᠺ  ᠤᠨ ᠨᠠᠭᠠᠳᠤᠮ ᠡᠨᠡ ᠡᠳᠦᠷ ᠤᠳ ᠲᠤ ᠲᠣᠬᠢᠶᠠᠵᠤ ᠪᠠᠶᠢᠨ᠎ᠡ᠃ ᠮᠣᠩᠭᠣᠯ ᠤᠨ ᠲᠠᠮᠢᠷᠴᠢᠳ ᠵᠤᠨ ᠤ ᠤᠯᠢᠮᠫᠢᠺ ᠲᠤ ᠣᠷᠣᠯᠴᠠᠵᠤ ᠡᠬᠢᠯᠡᠭᠰᠡᠨ ᠠᠴᠠ ᠬᠤᠶᠢᠰᠢᠬᠢ 57 ᠵᠢᠯ ᠤᠨ ᠳᠣᠲᠣᠷ᠎ᠠ︽ᠲᠤᠤᠺᠢᠣ᠋ 1964︾ ᠠᠴᠠ ︽ᠲᠤᠤᠺᠢᠣ᠋  2020︾ ᠬᠦᠷᠲᠡᠯᠡᠬᠢ ᠵᠠᠮ ᠢ ᠲᠤᠭᠤᠯᠵᠤ᠂ ᠵᠤᠨ ᠤ 13 ᠤᠳᠠᠭ᠎ᠠ ᠶᠢᠨ ᠤᠯᠢᠮᠫᠢᠺ ᠲᠤ ᠣᠷᠣᠯᠴᠠᠨ 2 ᠠᠯᠳᠠ᠂ 10 ᠮᠦᠡᠭᠬᠦ᠂ 14 ᠬᠦᠷᠡᠯ ᠮᠧᠳᠠᠯ ᠬᠦᠷᠲᠡᠨ᠂ ᠤᠯᠢᠮᠫᠢᠺ  ᠤᠨ ᠲᠩᠷᠢ ᠳᠤ ᠲᠥᠷᠦ ᠶᠢᠨ ᠳᠠᠭᠤᠯᠠᠯ ᠢᠶᠠᠨ ᠡᠭᠡᠰᠢᠭᠯᠡᠭᠦᠯᠵᠦ᠂ ᠠᠯᠲᠠᠨ ᠰᠣᠶᠣᠮᠪᠤᠲᠤ ᠳᠠᠯᠪᠠᠭ᠎ᠠ ᠪᠠᠨ ᠮᠠᠨᠳᠤᠭᠤᠯᠤᠭᠰᠠᠨ ᠲᠡᠦᠬᠡ ᠲᠠᠢ᠃
ᠳᠡᠯᠡᠬᠡᠢ ᠳ᠋ᠠᠬᠢᠨ ᠢ ᠬᠠᠮᠤᠷᠤᠭᠰᠠᠨ  ᠴᠠᠷ᠎ᠠ ᠲᠠᠬᠤᠯ ᠤᠨ ᠠᠮᠠᠷ ᠦᠭᠡᠢ ᠴᠠᠬ ᠦᠶ᠎ᠡ ᠳᠤ ᠮᠣᠩᠭᠣᠯ ᠤᠨ ᠪᠠᠭ ᠲᠠᠮᠢᠷᠴᠢᠳ ᠢᠳᠡᠪᠬᠢᠲᠡᠢ ᠪᠡᠯᠡᠦᠡᠭᠡᠯ ᠰᠤᠷᠭᠠᠭᠤᠯᠢᠯᠲᠠ  ᠪᠠᠨ ᠪᠠᠵᠠᠭᠠᠵᠤ᠂ ᠴᠤᠴᠠᠯᠲᠠ ᠦᠭᠡᠶ ᠬᠥᠳᠡᠯᠮᠦᠷᠢᠯᠡᠵᠦ ᠰᠫᠣᠷᠲ ᠤᠨ 10 ᠲᠥᠷᠥᠯ ᠢᠶᠠᠷ 43 ᠲᠠᠮᠢᠷᠴᠢᠨ ᠡᠷᠬᠡ ᠪᠠᠨ ᠠᠪᠤᠨ ᠣᠷᠣᠯᠴᠠᠵᠤ ᠪᠠᠶᠢᠭ᠎ᠠ ᠶᠢ ᠣᠨᠴᠠᠯᠠᠨ ᠲᠡᠮᠳᠡᠭᠯᠡᠵᠦ ᠪᠠᠶᠢᠨ᠎ᠡ᠃ ᠮᠠᠨ ᠤ ᠪᠠᠭ ᠲᠠᠮᠢᠷᠴᠢᠳ ᠲᠤᠭᠤᠷᠭ᠎ᠠ ᠲᠤᠰᠠᠭᠠᠷ ᠮᠣᠩᠭᠤᠯ ᠣᠷᠣᠨ ᠤ ᠪᠠᠨ ᠨᠡᠷ᠎ᠡ ᠬᠦᠨᠳᠦ ᠶᠢ ᠤᠯᠢᠮᠫᠢᠺ  ᠤᠨ ᠲᠠᠪᠴᠠᠩ ᠳᠤ ᠥᠨᠳᠥᠷ ᠲᠤ ᠡᠷᠭᠦᠨ᠎ᠡ ᠭᠡᠳᠡᠭ ᠲᠤ ᠢᠲᠡᠭᠡᠯ ᠲᠠᠢ ᠪᠠᠶᠢᠨ᠎ᠡ᠃ ᠳᠡᠯᠡᠬᠡᠢ ᠳ᠋ᠠᠬᠢᠨ ᠬᠦᠰᠡᠨ ᠬᠦᠯᠢᠶᠡᠭᠰᠡᠨ ᠤᠯᠢᠮᠫᠢᠺ  ᠤᠨ ᠡᠨᠡ ᠨᠠᠭᠠᠳᠤᠮ ᠳᠤ ︽ ᠬᠤᠷᠳᠤᠨ ᠠᠴᠠ ᠬᠤᠷᠳᠦᠠ᠂ ᠥᠨᠳᠥᠷ ᠠᠴᠠ ᠦᠡᠳᠦᠷ᠂  ᠬᠦᠴᠦᠲᠡᠢ ᠠᠴᠠ ᠬᠦᠴᠦᠲᠡᠢ᠂ ᠬᠠᠮᠲᠤ ᠳᠤ ᠪᠠᠨ︾ ᠤᠷᠢᠶᠠᠨ ᠳ᠋ᠤᠷ ᠨᠢᠭᠡᠳᠴᠦ  ᠠᠮᠵᠢᠯᠲᠠ  ᠢᠯᠠᠯᠲᠠ ᠪᠠᠷ ᠲᠦᠬᠦᠷᠡᠩ ᠣᠷᠣᠯᠴᠠᠬᠤ ᠶᠢ ᠪᠠᠭ ᠲᠠᠮᠢᠷᠴᠢᠳ  ᠲᠠ ᠪᠦᠬᠦᠨ ᠳᠡᠭᠡᠨ ᠬᠦᠰᠡᠨ ᠢᠷᠦᠭᠡᠶ᠎ᠡ᠃ ᠲᠣᠣᠺᠢᠣ᠋ ᠶᠢᠨ ᠲᠩᠷᠢ ᠳᠤ ᠮᠣᠩᠭᠤᠯ ᠤᠯᠤᠰ ᠤᠨ ᠲᠥᠷᠦ ᠶᠢᠨ ᠳᠠᠯᠪᠠᠭ᠎ᠠ ᠣᠯᠠᠨᠲᠠ ᠮᠠᠨᠳᠤᠬᠤ ᠪᠤᠯᠲᠦᠭᠠᠢ᠃ ᠮᠣᠩᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ  ᠭᠡᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ