ᠬᠠᠷᠰᠢᠯ ᠤᠨ ᠡᠰᠡᠷᠭᠦ︽ᠰᠢᠷᠠᠯᠵᠢ ᠦᠭᠡᠢ ᠮᠦᠷᠡᠨ︾ᠠᠶᠠᠨ ᠢ ᠵᠠᠷᠯᠠᠯ᠎ᠠ | News.MN

ᠬᠠᠷᠰᠢᠯ ᠤᠨ ᠡᠰᠡᠷᠭᠦ︽ᠰᠢᠷᠠᠯᠵᠢ ᠦᠭᠡᠢ ᠮᠦᠷᠡᠨ︾ᠠᠶᠠᠨ ᠢ ᠵᠠᠷᠯᠠᠯ᠎ᠠ

ᠬᠥᠪᠰᠥᠬᠦᠯ ᠠᠢᠮᠠᠭ ᠤᠨ ᠮᠦᠷᠡᠨ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠬᠤᠳᠠ ᠲᠣᠬᠢᠵᠢᠭᠤᠯᠬᠤ ᠦᠢᠯᠡᠴᠢᠯᠡᠭᠡᠨ ᠤ ᠲᠥᠪ ᠬᠠᠮᠲᠤᠷᠠᠨ ᠠᠶᠢᠯ ᠡᠷᠦᠬᠡ᠂ ᠠᠵᠤ ᠠᠬᠤᠢ ᠶᠢᠨ ᠨᠢᠭᠡᠴᠢ ᠪᠠᠶᠢᠭᠤᠯᠤᠯᠤᠭ᠎ᠠ ᠣᠶᠢᠷ᠎ᠠ ᠣᠷᠴᠢᠨ ᠤ ᠪᠠᠨ 50 ᠬᠦᠷᠲᠡᠯᠡᠬᠢ ᠮᠧᠲᠷ ᠭᠠᠵᠠᠷ ᠤᠨ ᠰᠢᠷᠠᠯᠵᠢ ᠶᠢ ᠵᠤᠯᠭᠠᠭᠠᠬᠤ︽ᠰᠢᠷᠠᠯᠵᠢ ᠦᠭᠡᠢ  ᠮᠦᠷᠡᠨ︾ᠠᠶᠠᠨ ᠢ ᠵᠠᠷᠯᠠᠯ᠎ᠠ᠃ ᠡᠨᠡ ᠨᠢ ᠰᠢᠷᠠᠯᠵᠢ ᠠᠴᠠ ᠡᠭᠦᠳᠦᠯᠲᠡ ᠲᠠᠢ ᠬᠠᠷᠰᠢᠯ ᠤᠨ ᠡᠪᠡᠳᠴᠢᠯᠡᠯ ᠠᠴᠠ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠲᠠᠢ ᠶᠤᠮ᠃
ᠰᠢᠷᠠᠯᠵᠢ ᠨᠢ ᠬᠠᠷᠰᠢᠯ ᠡᠭᠦᠰᠭᠡᠬᠦ᠂ ᠦᠳᠤᠭᠡᠭᠦ ᠬᠦᠴᠦᠲᠡᠢ ᠨᠥᠯᠥᠭᠡ ᠲᠠᠢ ᠥᠪᠡᠷᠮᠢᠴᠡ ᠲᠣᠭᠤᠰᠤᠵᠢᠯᠲᠠ ᠲᠠᠢ ᠪᠠᠶᠢᠳᠠᠭ᠃ ᠬᠠᠷᠰᠢᠯ ᠤᠨ ᠰᠢᠯᠲᠠᠭᠠᠨᠲᠤ ᠤᠷᠭᠤᠮᠠᠯ ᠤᠳ ᠴᠡᠴᠡᠭᠯᠡᠵᠦ᠂ ᠲᠤᠬᠢᠭᠤᠷ ᠤᠨ ᠲᠣᠭᠤᠰᠤ ᠨᠢ ᠠᠭᠠᠷ ᠲᠤ ᠬᠡᠲᠦ ᠶᠡᠭᠡ ᠳᠡᠭᠳᠡᠭᠰᠡᠨ ᠢᠶᠠᠷ ᠦᠷ᠎ᠡ ᠨᠢ ᠭᠠᠵᠠᠷ ᠲᠤ ᠤᠨᠠᠵᠤ ᠳᠠᠬᠢᠨ ᠣᠷᠭᠤᠬᠤ ᠨᠥᠬᠦᠴᠡᠯ ᠪᠦᠷᠢᠳᠳᠡᠭ ᠲᠤᠯᠠ ᠴᠡᠴᠡᠭᠯᠡᠬᠦ ᠠᠴᠠ ᠡᠮᠦᠨ᠎ᠡ ᠠᠷᠢᠯᠭᠠᠪᠠᠯ ᠳᠠᠷᠠᠭ᠎ᠠ ᠶᠢᠨ ᠵᠢᠯ ᠪᠠᠭ᠎ᠠ ᠣᠷᠭᠤᠬᠤ᠂  ᠬᠠᠷᠰᠢᠯ ᠠᠴᠠ ᠰᠡᠷᠭᠡᠶᠢᠯᠡᠬᠦ ᠠᠴᠢ ᠬᠤᠯᠪᠣᠭᠳᠠᠯ ᠲᠠᠢ᠃

ᠰᠡᠳᠬᠢᠭᠳᠡᠯ ᠦᠯᠡᠳᠡᠭᠡᠬᠦ