ᠬᠥᠪᠰᠥᠬᠦᠯ ᠳᠦ 82638 ᠤᠳᠠᠭ᠎ᠠ ᠶᠢᠨ ᠭᠠᠵᠠᠷ ᠬᠥᠳᠡᠯᠦᠯᠲᠡ ᠪᠦᠷᠢᠳᠬᠡᠭᠳᠡᠵᠡᠢ | News.MN

ᠬᠥᠪᠰᠥᠬᠦᠯ ᠳᠦ 82638 ᠤᠳᠠᠭ᠎ᠠ ᠶᠢᠨ ᠭᠠᠵᠠᠷ ᠬᠥᠳᠡᠯᠦᠯᠲᠡ ᠪᠦᠷᠢᠳᠬᠡᠭᠳᠡᠵᠡᠢ

ᠥᠴᠥᠭᠡᠳᠦᠷ︵07.22︶ᠤᠯᠠᠭᠠᠨᠪᠠᠭᠠᠲᠤᠷ ᠤᠨ ᠴᠠᠭ ᠢᠶᠠᠷ 15᠄ 45᠂17:01 ᠴᠠᠭ ᠤᠳ ᠲᠤ ᠬᠥᠪᠰᠥᠬᠦᠯ ᠠᠶᠢᠮᠠᠭ ᠤᠨ ᠬᠠᠩᠬᠤ ᠰᠤᠮᠤ ᠠᠴᠠ ᠪᠠᠷᠠᠭᠤᠨ ᠤᠷᠲᠤ ᠵᠦᠭ ᠲᠤ 44.35 ᠺᠢᠯᠣᠮᠧᠲᠷ ᠤᠨ ᠵᠠᠢ ᠳᠤ 4.3 ᠪᠤᠯᠦᠠ 3.9 ᠳᠡᠰ ᠦᠨ ᠭᠠᠵᠠᠷ ᠬᠥᠳᠡᠯᠦᠯᠲᠡ ᠪᠣᠯᠣᠭᠰᠠᠨ ᠲᠠᠯ᠎ᠠ ᠪᠠᠷ ᠮᠡᠳᠡᠭᠡᠯᠡᠭᠰᠡᠨ᠃
ᠣᠳᠣᠨ ᠣᠷᠣᠨ ᠭᠧᠣᠹᠢᠽᠢᠺ ᠤᠨ ᠬᠦᠷᠢᠶᠡᠯᠡᠩ ᠤᠨ ᠮᠡᠳᠡᠭᠡᠯᠡᠭᠰᠡᠨ ᠢᠶᠠᠷ  ᠡᠨᠡ ᠬᠦ ᠬᠥᠳᠡᠯᠦᠯᠲᠡ ᠨᠢ ᠨᠢᠭᠡᠳᠦᠭᠡᠷ ᠰᠠᠷ᠎ᠠ ᠶᠢᠨ 12 ᠤ 05: 32 ᠴᠠᠭ ᠲᠤ ᠪᠣᠯᠣᠭᠰᠠᠨ 6.5 ᠳᠡᠰ ᠦᠨ ᠬᠦᠴᠦᠲᠡᠢ ᠭᠠᠵᠠᠷ ᠬᠥᠳᠡᠯᠦᠯᠲᠡ ᠶᠢᠨ ᠳᠠᠪᠲᠠᠯᠲᠠ ᠬᠥᠳᠡᠯᠦᠯᠲᠡ ᠬᠡᠮᠡᠭᠰᠡᠨ᠃ ᠲᠡᠭᠡᠪᠡᠯ ᠬᠥᠪᠰᠥᠬᠦᠯ ᠠᠶᠢᠮᠠᠭ ᠤᠨ ᠬᠠᠩᠬᠤ ᠰᠤᠮᠤᠨ ᠳᠤ ᠨᠢᠭᠡᠳᠦᠭᠡᠷ ᠰᠠᠷ᠎ᠠ ᠶᠢᠨ 12 ᠳᠦ ᠪᠣᠯᠣᠭᠰᠠᠨ ᠭᠠᠵᠠᠷ ᠬᠥᠳᠡᠯᠦᠯᠲᠡ ᠠᠴᠠ ᠬᠤᠶᠢᠰᠢ ᠲᠤᠰ ᠪᠦᠰᠡ ᠨᠤᠲᠤᠭ ᠲᠤ 82638 ᠤᠳᠠᠭ᠎ᠠ ᠶᠢᠨ ᠭᠠᠵᠠᠷ ᠬᠥᠳᠡᠯᠦᠯᠲᠡ ᠪᠦᠷᠢᠳᠬᠡᠭᠳᠡᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ