Time ᠰᠡᠳᠬᠦᠯ ᠮᠣᠩᠭᠣᠯ ᠤᠨ ᠲᠠᠮᠢᠷᠴᠢᠨ ᠰᠠᠶ᠋ᠢᠳ᠋ ᠮᠤᠯᠯᠠ ᠶᠢ ᠣᠨᠴᠠᠯᠠᠯ᠎ᠠ | News.MN

Time ᠰᠡᠳᠬᠦᠯ ᠮᠣᠩᠭᠣᠯ ᠤᠨ ᠲᠠᠮᠢᠷᠴᠢᠨ ᠰᠠᠶ᠋ᠢᠳ᠋ ᠮᠤᠯᠯᠠ ᠶᠢ ᠣᠨᠴᠠᠯᠠᠯ᠎ᠠ

Time ᠰᠡᠳᠬᠦᠯ︽ᠲᠤᠤᠺᠢᠣ᠋ – 2020︾ᠤᠯᠢᠮᠫᠢᠺ ᠤᠨ ᠣᠨᠴᠠᠯᠠᠬᠤ 48 ᠲᠠᠮᠢᠷᠴᠢᠨ ᠢ ᠨᠡᠷᠡᠯᠡᠵᠡᠢ᠃ ᠡᠨᠡ ᠵᠢᠭᠰᠠᠭᠠᠯᠲᠠ ᠳᠤ ᠮᠣᠩᠭᠤᠯ ᠤᠯᠤᠰ ᠠᠴᠠ ᠵᠢᠦᠳᠤᠤ ᠪᠥᠬᠡ ᠶᠢᠨ ᠲᠠᠮᠢᠷᠴᠢᠨ ᠰᠠᠶ᠋ᠢᠳ᠋ ᠮᠤᠯᠯᠠ ᠪᠠᠭᠲᠠᠵᠠᠢ᠃  ᠬᠤᠶᠠᠷ ᠵᠢᠯ ᠤᠨ ᠡᠮᠦᠨ᠎ᠡ 2019 ᠣᠨ ᠳᠤ ᠲᠤᠤᠺᠢᠤ᠋ ᠳᠤ ᠪᠣᠯᠣᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠤᠷᠤᠯᠴᠠᠬᠤ ᠦᠶ᠎ᠡ ᠳᠤ ᠢᠷᠠᠨ ᠤ ᠵᠠᠰᠠᠭ ᠤᠨ ᠭᠠᠵᠠᠷ ᠲᠡᠭᠦᠨ ᠢ ᠬᠠᠭᠠᠰ ᠰᠢᠭᠰᠢᠭᠡ ᠪᠠᠷᠢᠯᠳᠤᠭᠠᠨ ᠳᠤ ᠥᠷᠢᠰᠦᠯᠳᠦᠭᠴᠢ ᠳᠦ ᠪᠡᠨ ᠪᠠᠭᠤᠵᠤ ᠥᠭᠬᠦ ᠶᠢ ᠱᠠᠭᠠᠷᠳᠠᠭᠰᠠᠨ ᠪᠠᠶᠢᠳᠠᠭ᠃ ᠤᠴᠢᠷ ᠨᠢ ᠹᠢᠨᠠᠯ ᠳᠤ ᠢᠰᠷᠸᠯ ᠤᠨ ᠲᠠᠮᠢᠷᠴᠢᠨ ᠲᠠᠢ ᠲᠠᠭᠠᠷᠠᠬᠤ ᠪᠠᠶᠢᠭᠰᠠᠨ  ᠃ ᠡᠨᠡ ᠶᠠᠪᠤᠳᠠᠯ ᠤᠨ ᠳᠠᠷᠠᠭ᠎ᠠ ᠰᠠᠶ᠋ᠢᠳ᠋ ᠮᠤᠯᠯᠠ ᠢᠷᠭᠡᠨᠰᠢᠯ ᠢᠶᠠᠨ ᠰᠣᠯᠢᠵᠤ ᠮᠣᠩᠭᠣᠯ ᠤᠨ ᠢᠷᠭᠡᠠ ᠪᠣᠯᠣᠭᠰᠠᠨ ᠪᠢᠯᠡ᠃ ᠲᠡᠭᠦᠨ ᠢ ᠵᠥᠪᠬᠡᠨ тime ᠰᠡᠳᠬᠦᠯ ᠪᠤᠰᠤ ᠬᠡᠳᠦ ᠬᠡᠳᠦᠨ  ᠭᠡᠪᠯᠡᠯ ᠮᠡᠳᠡᠭᠡᠯᠡᠯ ᠤᠨ ᠭᠡᠷᠡᠭᠰᠡᠯ ᠤᠯᠢᠮᠫᠢᠺ ᠤᠨ ᠮᠧᠳᠠᠯ ᠬᠦᠷᠲᠡᠬᠦ ᠲᠠᠮᠢᠷᠴᠢᠨ ᠤ ᠲᠣᠭᠠᠨ ᠳᠤ ᠣᠷᠣᠭᠤᠯᠤᠨ ᠨᠡᠷᠡᠯᠡᠵᠡᠢ᠃

ᠰᠡᠳᠬᠢᠭᠳᠡᠯ ᠦᠯᠡᠳᠡᠭᠡᠬᠦ