ᠰ᠊ · ᠪᠠᠶᠠᠷᠴᠤᠭᠲᠤ ᠶᠢ ᠴᠠᠭᠳᠠᠨ ᠬᠤᠷᠢᠭᠰᠠᠭᠠᠷ ᠪᠠᠶᠢᠨ᠎ᠡ | News.MN

ᠰ᠊ · ᠪᠠᠶᠠᠷᠴᠤᠭᠲᠤ ᠶᠢ ᠴᠠᠭᠳᠠᠨ ᠬᠤᠷᠢᠭᠰᠠᠭᠠᠷ ᠪᠠᠶᠢᠨ᠎ᠡ

ᠰᠠᠩ ᠤᠨ ᠰᠠᠶᠢᠳ ᠠᠰᠠᠨ ᠰ᠊ ·ᠪᠠᠶᠠᠷᠴᠤᠭᠲᠤ ᠳᠤ ᠬᠤᠯᠪᠦᠬᠳᠡᠬᠤ ᠬᠡᠷᠡᠭ ᠢ ᠤᠯᠤᠰ ᠤᠨ ᠲᠡᠭᠡᠳᠦ ᠰᠢᠭᠦᠬᠦ ᠶᠢᠨ ᠬᠢᠨᠠᠯᠲᠠ ᠶᠢᠨ ᠱᠠᠲᠤᠨ ᠤ ᠡᠷᠡᠭᠦᠦ ᠶᠢᠨ ᠬᠡᠷᠡᠭ ᠤᠨ ᠰᠢᠭᠦᠭᠴᠢᠳ ᠤᠨ ᠨᠢᠭᠡᠳᠦᠭᠰᠡᠨ ᠬᠤᠷᠠᠯᠳᠤᠭᠠᠨ ᠢᠶᠠᠷ ᠥᠩᠭᠡᠷᠡᠭᠴᠢ ᠳᠠᠸᠠ ᠭᠠᠷᠠᠭ︵2021.07.19︶ ᠬᠡᠯᠡᠯᠴᠡᠭᠡᠳ ᠪᠦᠬᠦ ᠱᠠᠲᠤᠨ ᠤ ᠰᠢᠭᠦᠬᠦ ᠶᠢᠨ ᠰᠢᠢᠳᠪᠦᠷᠢ ᠶᠢ ᠬᠦᠴᠦᠨ ᠦᠭᠡᠶ ᠪᠣᠯᠭᠠᠵᠤ᠂ ᠮᠥᠷᠳᠡᠨ ᠪᠠᠶᠢᠴᠠᠭᠠᠯᠲᠠ ᠳᠤ ᠪᠤᠴᠠᠭᠠᠭᠰᠠᠨ ᠪᠢᠯᠡ᠃
ᠡᠨᠡ ᠲᠤᠬᠠᠢ ᠰ᠊ · ᠪᠠᠶᠠᠷᠴᠣᠭᠲᠤ ᠶᠢᠨ ᠥᠮᠥᠭᠯᠡᠭᠴᠢ ᠬ᠋᠊ · ᠣᠷᠬᠤᠨ᠄ ᠤᠭ ᠬᠡᠷᠡᠭ ᠮᠥᠷᠳᠡᠨ ᠪᠠᠶᠢᠴᠠᠭᠠᠯᠲᠠ ᠳᠤ ᠪᠤᠴᠠᠵᠤ ᠪᠠᠶᠢᠨ᠎ᠡ᠃ ᠠᠩᠬᠠᠨ᠂ ᠳᠠᠪᠠᠬᠤ᠂ ᠬᠢᠨᠠᠯᠲᠠ ᠶᠢᠨ ᠱᠠᠲᠤᠨ ᠤ ᠰᠢᠭᠦᠬᠦ ᠪᠠᠷ ᠰᠢᠢᠳᠦᠭᠰᠡᠨ ᠰᠢᠢᠳᠪᠦᠷᠢ ᠨᠦᠭᠦᠳ ᠬᠠᠤᠯᠢ ᠶᠣᠰᠣᠨ ᠤ ᠱᠠᠭᠠᠷᠳᠠᠯᠭ᠎ᠠ ᠬᠠᠩᠭᠠᠬᠤ ᠦᠭᠡᠢ ᠪᠠᠶᠢᠭᠰᠠᠨ᠃ ᠫᠷᠤᠺᠦ᠋ᠷᠤᠷ  ᠰ᠊ · ᠪᠠᠶᠠᠷᠴᠣᠭᠲᠤ  ᠳᠤ ᠶᠡᠯ᠎ᠠ ᠲᠤᠯᠭᠠᠭᠰᠠᠨ᠂ ᠶᠠᠯᠠᠯᠠᠬᠤ ᠳ᠋ᠦᠩᠨᠡᠯᠲᠡ ᠬᠠᠩᠭᠠᠯᠲᠠ ᠲᠠᠢ ᠨᠤᠲᠠᠯᠠᠬᠤ ᠪᠠᠷᠢᠮᠲᠠ ᠪᠠᠷ ᠲᠣᠭᠲᠠᠭᠠᠭᠳᠠᠬᠤ ᠦᠭᠡᠢ ᠪᠠᠶᠢᠨ᠎ᠡ ᠭᠡᠳᠡᠭ  ᠢ ᠦᠮᠦᠭᠡᠯᠡᠭᠴᠢ ᠳᠦ ᠶᠠᠷᠢᠵᠤ ᠪᠠᠶᠢᠭᠰᠠᠨ᠃ ᠥᠨᠥᠳᠥᠷ ᠤᠨ ᠬᠤᠷᠠᠯᠳᠤᠭᠠᠨ ᠠᠴᠠ ᠡᠮᠦᠨᠡᠬᠢ ᠪᠦᠬᠦ ᠱᠠᠲᠤᠨ ᠤ ᠰᠢᠭᠦᠬᠦ ᠶᠢᠨ ᠰᠢᠢᠳᠪᠦᠷᠢ ᠬᠦᠴᠦᠨ ᠦᠭᠡᠶ ᠪᠣᠯᠣᠭᠰᠠᠨ ᠰᠠᠨ ᠭᠡᠵᠦ ᠣᠶᠢᠯᠠᠭᠠᠵᠤ ᠪᠣᠯᠤᠨ᠎ᠠ᠃ ᠰ᠊ · ᠪᠠᠶᠠᠷᠴᠣᠭᠲᠤ ᠶᠢᠨ ᠬᠡᠷᠡᠭ ᠢ ᠲᠤᠰᠠᠭᠠᠷᠯᠠᠭᠰᠠᠨ ᠭᠡᠵᠦ ᠮᠡᠳᠡᠭᠳᠡᠭᠰᠡᠨ᠃  ᠬᠠᠷᠢᠨ ᠰ᠊·ᠪᠠᠶᠠᠷᠴᠣᠭᠲᠤ ᠶᠢᠨ ᠬᠡᠷᠡᠭ ᠢ ᠮᠥᠷᠳᠡᠨ ᠪᠠᠶᠢᠴᠠᠭᠠᠯᠲᠠ ᠳᠤ ᠪᠤᠴᠠᠭᠠᠭᠰᠠᠨ ᠴᠤ᠂  ᠴᠠᠭᠳᠠᠨ   ᠬᠤᠷᠢᠬᠤ ᠶᠢ ᠨᠢ ᠴᠤᠴᠠᠯᠠᠭ᠎ᠠ ᠦᠭᠡᠢ᠂  ᠰᠢᠭᠦᠬᠦ ᠶᠢᠨ ᠰᠢᠢᠳᠪᠦᠷᠢ ᠭᠦᠢᠴᠡᠳᠬᠡᠬᠦ ᠶᠡᠷᠦᠩᠬᠡᠶ ᠭᠠᠵᠠᠷ  ᠤᠨ ᠬᠠᠷᠢᠶ᠎ᠠ ᠴᠠᠭᠳᠠᠨ ᠬᠤᠷᠢᠬᠤ 461 ᠳ᠋ᠦ᠋ᠭᠡᠷ ᠠᠩᠭᠢ ᠳᠤ ᠠᠪᠴᠢᠷᠠᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ