ᠥᠪᠦᠷᠬᠠᠩᠭᠠᠢ 12267.0 ᠲᠤᠨ ᠮᠢᠬ᠎ᠠ ᠵᠠᠬ᠎ᠠ ᠵᠡᠭᠡᠯᠢ ᠳᠤ ᠨᠡᠶᠢᠯᠡᠭᠦᠯᠵᠡᠢ | News.MN

 ᠥᠪᠦᠷᠬᠠᠩᠭᠠᠢ 12267.0 ᠲᠤᠨ ᠮᠢᠬ᠎ᠠ ᠵᠠᠬ᠎ᠠ ᠵᠡᠭᠡᠯᠢ ᠳᠤ ᠨᠡᠶᠢᠯᠡᠭᠦᠯᠵᠡᠢ

ᠥᠪᠦᠷᠬᠠᠩᠭᠠᠢ ᠠᠶᠢᠮᠠᠭ ᠲᠤ ᠮᠠᠯ ᠲᠦᠬᠦᠭᠡᠷᠡᠬᠦ ᠪᠤᠯᠦᠠ ᠳᠤᠯᠠᠭᠠᠨ ᠤ ᠠᠷᠭ᠎ᠠ ᠪᠠᠷ ᠮᠢᠬ᠎ᠠ ᠪᠣᠯᠪᠠᠰᠤᠷᠠᠭᠤᠯᠬᠤ ᠳᠥᠷᠪᠡᠨ ᠦᠢᠯᠡᠳᠪᠦᠷᠢ ᠠᠵᠢᠯᠯᠠᠵᠤ ᠪᠠᠶᠢᠨ᠎ᠡ᠃ ᠣᠷᠣᠨ ᠨᠤᠲᠤᠭ ᠤᠨ ᠥᠮᠴᠢᠲᠦ ︽ᠥᠪ ᠡᠺᠤ  ᠮᠢᠲ︾ ᠮᠢᠬᠠᠨ ᠤ ᠦᠢᠯᠡᠳᠪᠦᠷᠢ ᠡᠳᠦᠷ ᠲᠤ 200 – 250 ᠪᠣᠳᠠ᠂ 450 – 500 ᠪᠣᠭ ᠲᠦᠬᠦᠭᠡᠷᠡᠬᠦ ᠬᠦᠴᠦᠨ ᠴᠢᠳᠡᠯ ᠪᠦᠬᠦᠶ ᠲᠧᠭᠨᠣᠯᠣᠭᠢ ᠨᠡᠪᠲᠡᠷᠡᠭᠦᠯᠦᠭᠰᠡᠨ ᠢᠶᠠᠷ 10304.0 ᠲᠤᠨ ᠮᠢᠬ᠎ᠠ ᠪᠡᠯᠡᠳᠬᠡᠵᠦ᠂ ᠣᠷᠣᠨ ᠨᠤᠲᠤᠭ ᠤᠨ ᠬᠡᠷᠡᠭᠴᠡᠭᠡᠨ ᠳᠤ ᠪᠤᠯᠦᠠ ᠬᠢᠲᠠᠳ ᠲᠤ ᠮᠢᠬ᠎ᠠ ᠡᠺᠰᠫᠣᠷᠲᠯᠠᠬᠤ ᠡᠷᠭᠡ ᠪᠦᠬᠦᠶ ᠠᠵᠤ ᠠᠬᠤᠢ ᠶᠢᠨ ᠨᠢᠭᠡᠴᠢ ᠨᠦᠭᠦᠳ ᠲᠤ ᠨᠡᠶᠢᠯᠡᠭᠦᠯᠵᠡᠢ᠃ ᠬᠤᠪᠢ ᠶᠢᠨ ᠬᠥᠷᠥᠩᠭᠡ ᠣᠷᠤᠭᠤᠯᠤᠯᠲᠠ ᠪᠠᠷ ᠪᠠᠶᠢᠭᠤᠯᠤᠭᠳᠠᠭᠰᠠᠨ︽ᠳᠡᠯᠡᠬᠡᠢ ᠶᠢᠨ ᠬᠦᠨᠡᠰᠦ︾ ᠺᠤᠮᠫᠠᠨᠢ ᠡᠳᠦᠷ ᠲᠤ 15 ᠲᠣᠨ ᠮᠢᠬ᠎ᠠ ᠶᠢ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠵᠤ ᠪᠠᠶᠢᠭ᠎ᠠ ᠪᠣᠯ︽ᠳᠡᠭᠡᠵᠢ ᠶᠢᠨ ᠥᠷᠭᠦᠭᠡ︾ᠺᠤᠮᠫᠠᠨᠢ ᠡᠳᠦᠷ ᠲᠤ 400 ᠲᠣᠯᠤᠭᠠᠢ ᠮᠠᠯ ᠨᠢᠲᠤᠯᠬᠤ ᠬᠦᠴᠦᠨ ᠴᠢᠳᠠᠯ ᠲᠠᠢ ᠠᠵᠢᠯᠯᠠᠵᠤ ᠪᠠᠶᠢᠨ᠎ᠡ᠃
ᠬᠠᠷᠠᠬᠤᠷᠢᠨ ᠰᠤᠮᠤᠨ ᠳᠤ︽ᠳᠠᠯᠠᠢ ᠶᠢᠨ ᠣᠳᠣᠳ ᠲᠷᠡᠢᠳ᠋︾ ᠺᠤᠮᠫᠠᠨᠢ ᠬᠤᠪᠢ ᠶᠢᠨ ᠬᠥᠷᠥᠩᠭᠡ ᠣᠷᠤᠭᠤᠯᠤᠯᠲᠠ ᠪᠠᠷ 200 ᠲᠣᠨ ᠮᠢᠬ᠎ᠠ ᠨᠥᠭᠡᠴᠡᠯᠡᠬᠦ᠂ 100 ᠲᠣᠨ ᠤ ᠠᠷᠠᠰᠤ ᠰᠢᠷᠢ᠂ ᠳᠠᠶᠢᠪᠤᠷᠢ ᠪᠦᠲᠦᠭᠡᠭᠳᠡᠬᠦᠨ  ᠲᠦᠷ ᠬᠠᠳᠠᠭᠠᠯᠠᠬᠤ ᠠᠭᠤᠯᠬᠤ ᠪᠦᠬᠦᠶ ᠮᠠᠯ ᠲᠦᠬᠦᠭᠡᠷᠡᠬᠦ ᠦᠢᠯᠡᠳᠪᠦᠷᠢ ᠪᠠᠶᠢᠭᠤᠯᠤᠨ ᠠᠵᠢᠯᠯᠠᠵᠤ ᠪᠠᠶᠢᠨ᠎ᠡ᠃ ᠡᠳᠡᠭᠡᠷ ᠦᠢᠯᠡᠳᠪᠦᠷᠢ ᠨᠦᠭᠦᠳ 2017 – 2020 ᠣᠨ ᠳᠤ ᠨᠡᠶᠢᠲᠡ 12267.0 ᠲᠤᠨ ᠮᠢᠬ᠎ᠠ ᠶᠢ ᠦᠢᠯᠡᠳᠪᠤᠷᠢ ᠶᠢᠨ ᠠᠷᠭ᠎ᠠ ᠪᠠᠷ ᠪᠡᠯᠡᠳᠬᠡᠨ ᠵᠠᠬ᠎ᠠ ᠵᠡᠭᠡᠯᠢ ᠳᠤ ᠨᠡᠶᠢᠯᠡᠭᠦᠯᠵᠡᠢ᠃

ᠰᠡᠳᠬᠢᠭᠳᠡᠯ ᠦᠯᠡᠳᠡᠭᠡᠬᠦ