ᠡᠪᠦᠯᠵᠢᠯᠲᠡ ᠶᠢᠨ ᠪᠡᠯᠡᠦᠡᠭᠡᠯ ᠠᠵᠢᠯ 45.9 ᠬᠤᠪᠢ ᠲᠠᠶ ᠪᠠᠶᠢᠨ᠎ᠡ | News.MN

ᠡᠪᠦᠯᠵᠢᠯᠲᠡ ᠶᠢᠨ ᠪᠡᠯᠡᠦᠡᠭᠡᠯ ᠠᠵᠢᠯ 45.9 ᠬᠤᠪᠢ ᠲᠠᠶ ᠪᠠᠶᠢᠨ᠎ᠡ

ᠡᠷᠴᠢᠮ ᠬᠦᠴᠦᠨ ᠤ ᠰᠠᠯᠪᠤᠷᠢ ᠶᠢᠨ 2021 – 2022 ᠣᠨ ᠤ ᠡᠪᠦᠯᠵᠢᠯᠲᠡ ᠶᠢᠨ ᠪᠡᠯᠡᠦᠡᠭᠡᠯ ᠬᠠᠩᠭᠠᠬᠤ ᠲᠥᠯᠦᠪᠯᠡᠭᠡ᠂ ᠲᠡᠭᠦᠨ ᠢ ᠬᠡᠷᠡᠭᠵᠢᠭᠦᠯᠬᠦ ᠲᠠᠯ᠎ᠠ ᠪᠠᠷ ᠡᠷᠴᠢᠮ ᠬᠦᠴᠦᠨ ᠤ ᠶᠠᠮᠤᠨ ᠤ ᠰᠠᠶᠢᠳ ᠨ᠊ ·ᠲᠠᠪᠢᠨᠪᠡᠬᠢ ᠵᠠᠰᠠᠭ ᠤᠨ ᠭᠠᠵᠠᠷ ᠤᠨ ᠭᠡᠰᠢᠭᠦᠳ ᠲᠤ ᠥᠨᠥᠳᠥᠷ ᠤᠨ ᠬᠤᠷᠠᠯᠳᠤᠭᠠᠨ ᠢᠶᠠᠷ ᠲᠠᠨᠢᠯᠴᠠᠭᠤᠯᠵᠠᠢ᠃ ᠡᠪᠤᠯᠵᠢᠯᠲᠡ ᠶᠢᠨ ᠪᠡᠯᠡᠦᠡᠭᠡᠯ ᠠᠵᠢᠯ ᠡᠨᠡ ᠰᠠᠷ᠎ᠠ ᠶᠢᠨ 10 ᠤ ᠪᠠᠶᠢᠳᠠᠯ ᠢᠶᠠᠷ 45.9 ᠬᠤᠪᠢ᠂ ᠡᠭᠦᠨ ᠠᠴᠠ ᠦᠢᠯᠡᠳᠪᠦᠷᠢ ᠺᠣᠮᠫᠠᠨᠢ ᠨᠤᠭᠤᠳ 47.6᠂ ᠨᠡᠭᠦᠷᠡᠰᠦᠨ ᠤ ᠠᠭᠤᠷᠬᠠᠢ ᠨᠤᠭᠤᠳ 30 ᠣᠷᠴᠢᠮ ᠬᠤᠪᠢ ᠶᠢᠨ ᠭᠦᠢᠴᠡᠳᠬᠡᠯ ᠲᠠᠢ ᠪᠠᠶᠢᠭ᠎ᠠ ᠶᠤᠮ᠃
︽ᠲᠠᠪᠤᠨᠲᠤᠯᠤᠭᠠᠢ ᠲᠦᠯᠡᠰᠢ︾ᠺᠤᠮᠫᠠᠨᠢ   ᠶᠢᠨ ᠰᠠᠶᠢᠵᠢᠷᠠᠭᠤᠯᠤᠭᠰᠠᠨ ᠰᠢᠬᠠᠮᠠᠯ ᠲᠦᠯᠡᠰᠢ ᠶᠢᠨ ᠲᠦᠭᠦᠬᠡᠢ ᠡᠳ᠋ ᠤᠨ ᠨᠥᠭᠡᠴᠡ ᠡᠨᠡ ᠰᠠᠷ᠎ᠠ ᠶᠢᠨ 10 ᠤ ᠪᠠᠶᠢᠳᠠᠯ ᠢᠶᠠᠷ ᠳᠤᠮᠳᠠ ᠶᠢᠨ ᠠᠭᠤᠯᠬᠤ ᠳᠤ 93 ᠮᠢᠩᠭᠠᠨ ᠲᠤᠨ᠂ ᠪᠠᠷᠠᠭᠤᠨ ᠪᠤᠯᠦᠠ ᠵᠡᠭᠦᠨ ᠪᠦᠰᠡ ᠶᠢᠨ ᠦᠢᠯᠡᠳᠪᠦᠷᠢ ᠶᠢᠨ ᠬᠠᠰᠢᠶᠠᠨ ᠳᠤ 70 ᠮᠢᠩᠭᠠᠨ ᠲᠣᠨ ᠪᠠᠶᠢᠨ᠎ᠡ᠃ ᠮᠦᠠ ᠨᠡᠶᠢᠰᠯᠡᠯ ᠤᠨ ᠵᠢᠷᠭᠤᠭᠠᠨ ᠳᠡᠭᠦᠷᠭᠡ ᠳᠤ ᠪᠠᠶᠢᠷᠢᠯᠠᠬᠤ 55 ᠠᠭᠤᠯᠬᠤ ᠪᠤᠯᠦᠠ ᠦᠢᠯᠡᠳᠪᠦᠷᠢ ᠶᠢᠨ ᠠᠭᠤᠯᠬᠤ ᠳᠤ ᠨᠡᠶᠢᠲᠡ 5.9 ᠮᠢᠩᠭᠠᠨ ᠲᠣᠨ ᠰᠠᠶᠢᠵᠢᠷᠠᠭᠤᠯᠤᠭᠰᠠᠨ ᠰᠢᠬᠠᠮᠠᠯ ᠲᠦᠯᠡᠰᠢ ᠶᠢᠨ ᠨᠥᠭᠡᠴᠡ ᠪᠠᠶᠢᠨ᠎ᠡ᠃

ᠰᠡᠳᠬᠢᠭᠳᠡᠯ ᠦᠯᠡᠳᠡᠭᠡᠬᠦ