ᠵᠡᠷᠯᠢᠭ ᠠᠮᠢᠲᠠᠨ ᠢ ᠪᠠᠶᠢᠭᠠᠯᠢ ᠳᠤ ᠨᠢ ᠲᠠᠯᠪᠢᠵᠠᠢ | News.MN

 ᠵᠡᠷᠯᠢᠭ ᠠᠮᠢᠲᠠᠨ ᠢ ᠪᠠᠶᠢᠭᠠᠯᠢ ᠳᠤ ᠨᠢ ᠲᠠᠯᠪᠢᠵᠠᠢ

ᠰᠠᠭᠤᠷᠢᠰᠢᠯ ᠤᠨ ᠪᠦᠰᠡ ᠶᠢᠨ ᠲᠡᠯᠡᠭᠰᠡᠨ ᠡᠴᠡ ᠵᠡᠷᠯᠢᠭ ᠠᠮᠢᠲᠠᠳ ᠤᠨ ᠲᠠᠷᠬᠠᠴᠠ ᠨᠤᠳᠤᠬ ᠬᠤᠮᠢᠭᠳᠠᠵᠤ ᠤᠯᠠᠮ ᠢᠶᠠᠷ ᠭᠡᠮᠲᠦᠵᠦ ᠪᠡᠷᠲᠡᠬᠦ᠂ ᠢᠳᠡᠰᠢ ᠲᠡᠵᠢᠭᠡᠯ ᠡᠷᠢᠵᠤ᠂ ᠬᠤᠳᠠ ᠤᠷᠤᠭᠤ ᠣᠷᠣᠵᠤ ᠢᠷᠡᠬᠦ ᠲᠣᠬᠢᠶᠠᠯᠳᠤᠯ ᠤᠳ ᠰᠡᠭᠦᠯ ᠤᠨ ᠵᠢᠯ ᠤᠳ ᠲᠤ ᠨᠡᠮᠡᠭᠳᠡᠭᠰᠡᠭᠡᠷ ᠪᠠᠶᠢᠨ᠎ᠡ᠃ ᠲᠡᠭᠡᠪᠡᠯ ᠪᠦᠬᠦ ᠨᠡᠶᠢᠲᠡ ᠶᠢᠨ ᠠᠮᠠᠷᠠᠯᠲᠠ ᠶᠢᠨ ᠡᠳᠦᠷ ᠤᠳ ᠢᠶᠠᠷ ᠨᠡᠶᠢᠰᠯᠡᠯ ᠤᠨ ᠪᠠᠶᠢᠭᠠᠯᠢ ᠣᠷᠴᠢᠨ ᠤ ᠭᠠᠵᠠᠷ ᠦᠨ ᠬᠢᠨ ᠰᠦᠬᠡᠪᠠᠭᠠᠲᠤᠷ ᠪᠤᠯᠦᠠ ᠴᠡᠩᠭᠡᠯᠲᠡᠢ ᠲᠡᠭᠦᠷᠭᠡ ᠶᠢᠨ ᠨᠤᠳᠤᠬ ᠳᠡᠪᠢᠰᠬᠡᠷ ᠲᠤ ᠡᠭᠦᠷ ᠠᠴᠠ ᠪᠠᠨ ᠲᠥᠭᠡᠷᠢᠭᠰᠡᠨ ᠬᠤᠶᠠᠷ ᠨᠠᠴᠢᠨ ᠱᠣᠩᠬᠤᠷ ᠤᠨ ᠨᠢᠰᠬᠡᠯ ᠠᠩᠭᠠᠬᠠᠶ᠂ ᠭᠡᠮᠲᠦᠭᠰᠡᠨ ᠨᠢᠭᠡ ᠬᠤᠨᠳᠣᠯᠠᠢ ᠴᠡᠭᠠᠠ ᠤᠷᠠᠴᠠᠢ ᠶᠢ ᠤᠯᠵᠤ ᠠᠪᠴᠤ ᠵᠡᠷᠯᠢᠭ ᠠᠮᠢᠳᠡᠠ ᠠᠰᠠᠷᠠᠬᠤ ᠪᠠᠶᠢᠷᠢᠨ ᠳᠤ ᠠᠰᠠᠷᠠᠵᠤ ᠪᠠᠢᠨ᠎ᠠ᠃

ᠮᠦᠠ ᠰᠣᠩᠭᠢᠨ᠎ᠠ ᠬᠠᠶᠢᠷᠬᠠᠨ ᠲᠡᠭᠦᠷᠭᠡ ᠶᠢᠨ ᠰᠠᠭᠤᠷᠢᠰᠢᠯ ᠤᠨ ᠪᠦᠰᠡ ᠳᠤ ᠣᠷᠣᠵᠤ ᠢᠷᠡᠭᠰᠡᠨ ᠨᠠᠢᠮᠠᠨ ᠳᠡᠭᠳᠡᠭᠡᠬᠡᠢ ᠲᠠᠢ ᠬᠤᠨᠳᠤᠨ ᠠᠩᠭᠢᠷ ᠢ ᠪᠠᠷᠢᠵᠤ ᠨᠠᠭᠤᠷ ᠲᠤ ᠰᠢᠯᠵᠢᠭᠦᠯᠦᠨ ᠲᠠᠯᠪᠢᠭᠰᠠᠨ ᠪᠥᠭᠡᠳ  ᠬᠤᠶᠠᠷ ᠰᠠᠷᠢᠰᠤᠨ ᠪᠠᠭᠪᠠᠭ᠋ᠠᠶ᠂ ᠬᠤᠶᠠᠷ ᠦᠮᠡᠬᠡᠢ ᠬᠦᠷᠡᠩ᠂ ᠨᠢᠭᠡ ᠷᠠᠰᠢᠶᠠᠨ ᠤ ᠮᠣᠭᠠᠢ᠂ ᠬᠤᠶᠠᠷ ᠪᠠᠮᠪᠠᠢ ᠬᠤᠩᠰᠢᠶᠠᠷᠲᠤ ᠮᠣᠭᠠᠢ ᠶᠢ ᠪᠠᠷᠢᠵᠤ ᠪᠠᠶᠢᠭᠠᠯᠢ ᠳᠤ ᠡᠷᠭᠢᠭᠦᠯᠦᠨ ᠲᠠᠯᠪᠢᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ